ᠳᠡᠯᠡᠬᠡᠢ ᠶᠢᠨ ᠳᠦᠷᠪᠡᠳᠡᠬᠢ ᠤᠳᠠᠭ᠎ᠠ ᠶᠢᠨ ᠠᠪᠤᠷᠭᠤ᠂ ᠭᠠᠪᠢᠶᠠᠲᠤ ᠲᠠᠮᠢᠷᠴᠢᠨ ᠭ∙ᠤᠭᠠᠯᠵᠠᠴᠡᠴᠡᠭ ᠲᠦ ᠮᠣᠩᠭᠣᠯ ᠤᠯᠤᠰ ᠤᠨ ᠭᠠᠪᠢᠶᠠᠲᠤ ᠲᠠᠮᠢᠷᠴᠢᠨ ᠴᠣᠯᠠ ᠣᠯᠭᠣᠬᠤ ᠲᠣᠭᠲᠠᠭᠠᠯ ᠭᠠᠷᠭᠠᠵᠠᠢ᠃ ᠤᠭ ᠲᠣᠭᠲᠠᠭᠠᠯ ᠢ ᠬᠥᠪᠰᠥᠭᠥᠯ ᠠᠶᠢᠮᠠᠭ ᠤᠨ ᠢᠷᠭᠡᠳ ᠦᠨ ᠲᠥᠯᠥᠭᠡᠯᠡᠭᠴᠢᠳ ᠦᠨ ᠬᠤᠷᠠᠯ ᠠᠴᠠ ᠡᠨᠡ ᠣᠨ ᠤ ᠭᠤᠷᠪᠠᠳᠤᠭᠠᠷ ᠰᠠᠷ᠎ᠠ ᠳᠤ ᠬᠦᠷᠭᠡᠭᠦᠯᠦᠭᠰᠡᠨ ᠴᠤ ᠣᠳᠣ ᠶᠢ ᠬᠦᠷᠲᠡᠯ᠎ᠡ ᠬᠠᠷᠢᠭᠤ ᠢᠷᠡᠭᠦᠯᠦᠭᠡ ᠪᠠᠶᠢᠵᠠᠢ ᠃ ᠲᠢᠪ ᠳᠡᠯᠡᠬᠡᠢ ᠳᠦ ᠡᠬᠡ ᠣᠷᠣᠨ ᠤ ᠪᠠᠨ ᠨᠡᠷ᠎ᠡ ᠶᠢ ᠭᠠᠷᠭᠠᠭᠠᠳ ᠤᠳᠠᠵᠤ ᠪᠤᠢ ᠣᠯᠠᠨ ᠤᠯᠤᠰ ᠤᠨ ᠬᠡᠮᠵᠢᠶᠡᠨ ᠦ ᠮᠠᠰᠲ᠋ᠸᠷ ᠭ∙ᠤᠭᠠᠯᠵᠠᠴᠡᠴᠡᠭ ᠡᠨᠡ ᠰᠠᠷ᠎ᠠ ᠶᠢᠨ 14-16 ᠍ ᠳᠦ ᠲᠠᠶᠢᠯᠠᠨᠳ᠋ ᠲᠤ ᠵᠣᠬᠢᠶᠠᠭᠳᠠᠭᠰᠠᠨ WBPF ᠬᠣᠯᠪᠣᠭᠠᠨ ᠤ 10 ᠳ᠋ᠡᠬᠢ ᠤᠳᠠᠭ᠎ᠠ ᠶᠢᠨ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠳᠦ ᠣᠷᠣᠯᠴᠠᠵᠤ᠂ ᠬᠣᠣᠰ ᠠᠯᠲᠠᠨ ᠮᠧᠳᠠᠯ ᠬᠦᠷᠲᠡᠭᠰᠡᠨ ᠪᠢᠯᠡ᠃