ᠦᠨᠳᠦᠰᠦᠨ ᠦ ᠰᠲ᠋ᠠᠲ᠋ᠢᠰᠲ᠋ᠢᠺ ᠤᠨ ᠭᠠᠵᠠᠷ ᠠᠴᠠ ᠠᠵᠢᠯᠴᠢᠳ ᠤᠨ ᠰᠠᠷ᠎ᠠ ᠶᠢᠨ ᠳᠤᠮᠳᠠᠴᠢ ᠴᠠᠯᠢᠩ ᠢ ᠢᠨᠹᠤ ᠬ᠋ᠷᠡᠹᠢᠺ ᠢᠶᠡᠷ ᠬᠦᠷᠭᠡᠵᠦ ᠪᠠᠶᠢᠨ᠎ᠠ᠃ ᠠᠵᠢᠯᠴᠢᠳ ᠤᠨ ᠰᠠᠷ᠎ᠠ ᠶᠢᠨ ᠳᠤᠮᠳᠠᠴᠢ ᠴᠠᠯᠢᠩ ᠢ ᠨᠡᠶᠢᠭᠡᠮ ᠤᠨ ᠳᠠᠭᠠᠳᠬᠠᠯ ᠤᠨ ᠰᠢᠮᠡᠳᠭᠡᠯ ᠲᠥᠯᠦᠯᠲᠡ ᠶᠢᠨ ᠲᠠᠶᠢᠯᠤᠨ ᠢ ᠦᠨᠳᠦᠰᠦᠯᠡᠨ ᠭᠠᠷᠭᠠᠳᠠᠭ᠃ ᠲᠤᠰ ᠲᠠᠶᠢᠯᠤᠨ ᠳᠤ 40 ᠮᠢᠩᠭᠠᠨ ᠠᠵᠤ ᠠᠬᠤᠢ᠂ ᠨᠢᠭᠡᠴᠡ ᠪᠠᠶᠢᠭᠤᠯᠤᠯᠭ᠎ᠠ ᠶᠢᠨ ᠨᠡᠶᠢᠲᠡ 651.1 ᠮᠢᠩᠭᠠᠨ ᠠᠵᠢᠯᠯᠠᠭᠴᠢᠳ ᠬᠠᠮᠤᠷᠤᠭᠳᠠᠭᠰᠠᠨ ᠪᠠᠶᠢᠨ᠎ᠠ᠃ ᠲᠡᠳᠡᠨ ᠦ 7.4 ᠬᠤᠪᠢ ᠨᠢ 240.000 ᠲᠥᠭᠥᠷᠢᠭ ᠬᠦᠷᠲᠡᠯᠡᠬᠢ᠂ 21.4 ᠬᠤᠪᠢ ᠨᠢ 240.001-500.000 ᠲᠥᠭᠥᠷᠢᠭ ᠂ 34.7 ᠬᠤᠪᠢ ᠨᠢ 500.001-900.000 ᠲᠥᠭᠥᠷᠢᠭ ᠂17.9 ᠬᠤᠪᠢ ᠨᠢ 900.001-1.300.000 ᠲᠥᠭᠥᠷᠢᠭ᠂ 4.7 ᠬᠤᠪᠢ ᠨᠢ 1.300.000-1.500.000 ᠲᠥᠭᠥᠷᠢᠭ᠂ 13.9 ᠬᠤᠪᠢ ᠨᠢ 1.500.001 ᠲᠥᠭᠥᠷᠢᠭ ᠡᠴᠡ ᠳᠡᠭᠡᠭᠰᠢ ᠬᠡᠮᠵᠢᠶᠡᠨ ᠦ ᠴᠠᠯᠢᠩ ᠠᠪᠳᠠᠭ ᠪᠠᠶᠢᠨ᠎ᠠ᠃ ᠡᠨᠳᠡ ᠡᠴᠡ ᠦᠵᠡᠬᠦ ᠳᠦ ᠮᠣᠩᠭᠣᠯᠴᠤᠳ ᠤᠨ ᠰᠠᠷ᠎ᠠ ᠶᠢᠨ ᠳᠤᠮᠳᠠᠴᠢ ᠴᠠᠯᠢᠩ 1.031.840 ᠲᠥᠭᠥᠷᠢᠭ ᠪᠠᠶᠢᠨ᠎ᠠ᠃