ᠡᠨᠡ ᠰᠠᠷ᠎ᠠ ᠶᠢᠨ 20 ᠍ ᠤ ᠡᠳᠦᠷ ᠬᠠᠨ-ᠠᠭᠤᠯᠠ ᠳᠡᠭᠦᠷᠭᠡ ᠶᠢᠨ ᠨᠤᠲᠤᠭ ᠳᠡᠪᠢᠰᠬᠡᠷ ᠲᠦ ᠪᠠᠶᠢᠷᠢᠯᠠᠬᠤ ᠬᠠᠷᠭᠢᠶ᠎ᠠ ᠠᠷᠠᠰᠤ ᠰᠢᠷᠢᠨ ᠦ ᠦᠢᠯᠡᠳᠪᠦᠷᠢ ᠶᠢᠨ ᠬᠢᠲᠠᠳ ᠡᠵᠡᠨ ᠭᠡᠭᠳᠡᠬᠦ ︵ ᠡᠷᠡᠭᠲᠡᠢ ᠂ 58 ᠨᠠᠰᠤᠲᠠᠢ︶ Tian Ynkuan ᠨᠢ ᠥᠪᠡᠷ ᠦᠨ ᠦᠢᠯᠡᠳᠪᠦᠷᠢ ᠶᠢᠨ ᠠᠵᠢᠯᠴᠢᠨ ᠤᠷᠤᠭᠤ ᠳᠠᠭᠠᠷᠢᠵᠤ ᠪᠠᠷᠠᠭᠤᠨ ᠴᠢᠬᠢ ᠶᠢ ᠨᠢ ᠲᠠᠰᠤ ᠬᠠᠵᠠᠭᠰᠠᠨ ᠪᠠᠶᠢᠨ᠎ᠠ᠃ ᠬᠢᠲᠠᠳ ᠡᠵᠡᠨ ᠮᠣᠩᠭᠣᠯ ᠠᠵᠢᠯᠴᠢᠨ ᠢ ᠬᠡᠯᠡ ᠠᠮᠠ ᠪᠠᠷ ᠳᠣᠷᠣᠮᠵᠢᠯᠠᠵᠤ᠂ ᠡᠯᠳᠡᠪ ᠦᠢᠯᠡᠳᠦᠯ ᠭᠠᠷᠭᠠᠵᠤ᠂ ᠪᠡᠶ᠎ᠡ ᠳᠦ ᠨᠢ ᠤᠳᠠᠭ᠎ᠠ ᠳᠠᠷᠠᠭ᠎ᠠ ᠬᠦᠷᠦᠭᠰᠡᠨ ᠠᠵᠠᠢ ᠃ ᠤᠯᠠᠮ ᠢᠶᠠᠷ ᠳᠣᠷᠣᠨᠠᠲᠤ ᠠᠶᠢᠮᠠᠭ ᠤᠨ ᠬᠠᠷᠢᠶᠠᠲᠤ 29 ᠨᠠᠰᠤᠲᠠᠢ CH ᠨᠢ ᠮᠠᠷᠭᠤᠯᠳᠤᠵᠤ᠂ ᠬᠤᠪᠢ ᠶᠢᠨ ᠲᠠᠭᠠᠷᠠᠮᠵᠢ ᠦᠭᠡᠢ ᠬᠠᠷᠢᠯᠴᠠᠭ᠎ᠠ ᠡᠭᠦᠰᠬᠡᠨ ᠬᠠᠷᠢᠯᠴᠠᠨ ᠵᠣᠳᠣᠯᠳᠤᠬᠤ ᠦᠶ᠎ᠡ ᠪᠡᠷ ᠬᠢᠲᠠᠳ ᠡᠵᠡᠨ ᠨᠢ ᠲᠡᠭᠦᠨ ᠦ ᠴᠢᠬᠢ ᠶᠢ ᠲᠠᠰᠤ ᠬᠠᠵᠠᠵᠠᠢ᠃
ᠮᠡᠳᠡᠭᠡᠯᠡᠯ ᠦᠨ ᠳᠠᠭᠠᠤ ᠬᠠᠨ-ᠠᠭᠤᠯᠠ ᠳᠡᠭᠦᠷᠭᠡ ᠶᠢᠨ ᠴᠠᠭᠳᠠᠭ᠎ᠠ ᠶᠢᠨ ᠠᠯᠪᠠ ᠬᠠᠭᠠᠭᠴᠢ ᠨᠠᠷ ᠬᠡᠷᠡᠭ ᠦᠨ ᠭᠠᠵᠠᠷ ᠲᠤ ᠣᠴᠢᠵᠤ ᠵᠢᠷᠤᠭ ᠠᠪᠴᠤ ᠬᠡᠷᠡᠭ ᠲᠦ ᠬᠠᠪᠰᠤᠷᠭᠠᠨ ᠂ ᠬᠢᠲᠠᠳ ᠢᠷᠭᠡᠨ ᠡᠴᠡ ᠲᠠᠶᠢᠯᠪᠤᠷᠢ ᠮᠡᠳᠡᠭᠦᠯᠭᠡ ᠠᠪᠴᠤ ᠪᠠᠶᠢᠭ᠎ᠠ ᠠᠵᠠᠢ ᠃ ᠬᠢᠲᠠᠳ ᠢᠷᠭᠡᠨ ᠮᠣᠩᠭᠣᠯ ᠳᠤ ᠲᠦᠷ ᠣᠷᠣᠰᠢᠨ ᠰᠠᠭᠤᠬᠤ ᠸᠢᠰᠠ ᠲᠡᠢ ᠲᠡᠳᠦᠢ ᠦᠭᠡᠢ ᠦᠢᠯᠡᠳᠪᠦᠷᠢ ᠶᠢᠨ ᠪᠠᠶᠢᠷᠢᠨ ᠳᠤ ᠪᠠᠨ ᠠᠮᠢᠳᠤᠷᠠᠳᠠᠭ᠃ ᠡᠬᠢ ᠰᠤᠷᠪᠤᠯᠵᠢ ᠶᠢᠨ ᠬᠡᠯᠡᠭᠰᠡᠨ ᠢᠶᠡᠷ ᠮᠣᠩᠭᠣᠯ ᠠᠵᠢᠯᠴᠢᠳ ᠤᠨ ᠴᠠᠯᠢᠩ ᠢ ᠴᠠᠭ ᠲᠤ ᠨᠢ ᠥᠭᠳᠡᠭ ᠦᠭᠡᠢ᠂ ᠪᠠᠶᠢᠩᠭᠤ ᠬᠡᠯᠡ ᠠᠮᠠ ᠪᠠᠷ ᠳᠣᠷᠣᠮᠵᠢᠯᠠᠳᠠᠭ᠂ ᠠᠵᠢᠯ ᠤᠨ ᠪᠠᠶᠢᠷᠢᠨ ᠤ ᠠᠶᠤᠯᠭᠦᠢ ᠣᠷᠴᠢᠨ ᠬᠠᠩᠭᠠᠵᠤ ᠥᠭᠳᠡᠭ ᠦᠭᠡᠢ᠂ ᠮᠠᠰᠢ ᠪᠣᠬᠢᠷ ᠤᠷᠴᠢᠨ ᠳᠤ ᠪᠠᠶᠢᠩᠭᠤ ᠶᠢᠨ ᠠᠵᠢᠯᠯᠠᠭᠤᠯᠳᠠᠭ ᠭᠡᠨ᠎ᠡ ᠃