35 ᠠᠴᠠ ᠳᠡᠭᠡᠭᠰᠢ ᠨᠠᠰᠤᠨ ᠤ ᠢᠷᠭᠡᠳ  ᠭᠤᠲᠤᠷᠠᠩᠭᠢ ᠪᠠᠶᠢᠨ᠎ᠠ | News.MN

35 ᠠᠴᠠ ᠳᠡᠭᠡᠭᠰᠢ ᠨᠠᠰᠤᠨ ᠤ ᠢᠷᠭᠡᠳ  ᠭᠤᠲᠤᠷᠠᠩᠭᠢ ᠪᠠᠶᠢᠨ᠎ᠠ

ᠠᠽᠢᠶ᠎ᠠ ᠶᠢᠨ ᠬᠥᠭᠵᠢᠯ ᠦᠨ ᠪᠠᠩᠬᠢ᠂ ᠡᠳ᠋ ᠦᠨ ᠵᠠᠰᠠᠭ ᠤᠨ ᠰᠡᠳᠬᠦᠯᠴᠢᠳ ᠦᠨ ︽ᠥᠭᠡᠷᠡᠴᠢᠯᠡᠭᠴᠢ︾ ᠺᠯᠦ᠋ᠪ ᠲᠡᠢ ᠬᠠᠮᠲᠤᠷᠠᠨ ᠠᠭᠤᠯᠵᠠᠯᠲᠠ ᠬᠢᠯ᠎ᠡ᠃ ᠡᠨᠡ ᠦᠶ᠎ᠡ ᠪᠡᠷ ᠬᠡᠳᠦ ᠬᠡᠳᠦᠨ ᠰᠣᠨᠢᠷᠬᠠᠯᠲᠠᠢ ᠢᠯᠡᠳᠬᠡᠯ ᠲᠠᠯᠪᠢᠭᠳᠠᠯ᠎ᠠ᠃ ᠲᠤᠬᠠᠶᠢᠯᠠᠪᠠᠯ ︽ᠬᠡᠷᠡᠭᠯᠡᠭᠴᠢ ᠶᠢᠨ ᠢᠲᠡᠭᠡᠯ ᠦᠨ ᠢᠨᠳᠧᠺᠰ ᠪᠠ ᠬᠦᠯᠢᠶᠡᠯᠲᠡ︾ ᠰᠤᠳᠤᠯᠭ᠎ᠠ ᠶᠢ ᠮᠣᠩᠭᠣᠯ ᠤᠯᠤᠰ ᠤᠨ ᠶᠡᠬᠡ ᠰᠤᠷᠭᠠᠭᠤᠯᠢ ᠦᠨ ᠡᠳ᠋  ᠦᠨ ᠵᠠᠰᠠᠭ ᠤᠨ ᠲᠢᠩᠬᠢᠮ ᠦᠨ ᠪᠠᠭᠰᠢ ᠪ∙ᠠᠯᠲᠠᠨᠴᠡᠴᠡᠭ ᠲᠠᠨᠢᠯᠴᠠᠭᠤᠯᠤᠭᠰᠠᠨ ᠶᠤᠮ᠃ ᠲᠡᠷᠡ  ᠪᠡᠷ ᠳ᠋ᠣᠯᠯᠠᠷ ᠤᠨ ᠬᠠᠩᠰᠢ ᠥᠰᠬᠦ ᠪᠦᠷᠢ ᠳᠦ ᠲᠦᠪ ᠪᠠᠩᠬᠢ ᠵᠠᠬ᠎ᠠ ᠵᠡᠭᠡᠯᠢ ᠳᠦ ᠶᠡᠬᠡ ᠬᠡᠮᠵᠢᠶ᠎ᠡ ᠪᠡᠷ ᠨᠡᠶᠢᠯᠡᠭᠦᠯᠬᠦ ᠨᠢ ᠲᠡᠳᠦᠶᠢᠯᠡᠨ ᠵᠥᠪ ᠠᠯᠬᠤᠮ ᠪᠢᠰᠢ ᠭᠡᠳᠡᠭ ᠢ ᠳᠤᠷᠠᠳᠤᠭᠰᠠᠨ᠃
ᠰᠡᠭᠦᠯ ᠦᠨ ᠲᠠᠪᠤᠨ ᠵᠢᠯ ᠦᠨ ᠰᠤᠳᠤᠯᠭᠠᠨ ᠠᠴᠠ ᠬᠠᠷᠠᠬᠤ ᠳᠤ ᠢᠷᠭᠡᠳ ᠡᠳ᠋ ᠍ ᠦᠨ ᠵᠠᠰᠠᠭ ᠤᠨ ᠲᠥᠯᠥᠪ ᠢ ᠥᠭᠡᠳᠡᠷᠡᠭ ᠢᠶᠡᠷ ᠬᠠᠷᠠᠪᠠᠯ ᠳᠤᠲᠤᠭᠠᠳᠤ ᠶᠢᠨ ᠨᠡᠶᠢᠲᠡ ᠪᠦᠲᠦᠭᠡᠭᠳᠡᠬᠦᠨ ᠦ ᠬᠡᠮᠵᠢᠶ᠎ᠡ ᠥᠰᠴᠦ᠂  ᠡᠰᠡᠷᠭᠦ ᠲᠣᠬᠢᠶᠠᠯᠳᠤᠯ ᠳᠤ ᠪᠠᠭᠤᠷᠠᠵᠤ ᠪᠠᠶᠢᠵᠠᠢ᠃ ᠰᠤᠳᠤᠯᠭᠠᠨ ᠳᠤ ᠣᠷᠣᠯᠴᠠᠭᠴᠢᠳ ᠤᠨ ᠨᠠᠰᠤ᠂ ᠪᠣᠯᠪᠠᠰᠤᠷᠠᠯ ᠤᠨ ᠲᠦᠪᠰᠢᠨ ᠡᠴᠡ ᠬᠠᠷᠠᠬᠤ ᠳᠤ 35 ᠬᠦᠷᠲᠡᠯᠡᠬᠢ ᠨᠠᠰᠤᠨ ᠤ᠂ ᠶᠡᠬᠡ ᠳᠡᠭᠡᠳᠦ ᠰᠤᠷᠭᠠᠭᠤᠯᠢ ᠲᠡᠭᠦᠰᠦᠭᠰᠡᠨ ᠢᠷᠭᠡᠳ ᠦᠨ ᠢᠲᠡᠭᠡᠯ ᠦᠨ ᠢᠨᠳᠧᠺᠰ ᠥᠨᠳᠥᠷ ᠪᠠᠶᠢᠳᠠᠭ ᠪᠣᠯ ᠳᠤᠮᠳᠠ ᠪᠣᠯᠤᠨ ᠪᠠᠭ᠎ᠠ ᠪᠣᠯᠪᠠᠰᠤᠷᠠᠯ ᠲᠠᠢ 35 ᠍ ᠠᠴᠠ ᠳᠡᠭᠡᠭᠰᠢ ᠨᠠᠰᠤᠨ ᠤ ᠬᠢᠨ ︽ᠭᠤᠲᠤᠷᠠᠩᠭᠢ ᠦᠵᠡᠯ ᠲᠡᠢ︾ ᠨᠢ ᠠᠵᠢᠭᠯᠠᠭᠳᠠᠵᠠᠢ᠃ ᠮᠥᠨ ᠠᠮᠢᠵᠢᠷᠭᠠᠨ ᠤ ᠲᠦᠪᠰᠢᠨ᠂ ᠠᠮᠢᠳᠤᠷᠠᠬᠤ ᠣᠷᠴᠢᠨ ᠠᠴᠠ ᠪᠠᠨ ᠬᠠᠮᠢᠶᠠᠷᠴᠦ ᠢᠷᠭᠡᠳ ᠦᠨ ᠤᠯᠤᠰ ᠤᠨ ᠢᠶᠠᠨ ᠡᠳ᠋ ᠍ ᠦᠨ ᠵᠠᠰᠠᠭ ᠤᠨ ᠲᠥᠯᠥᠪ ᠢ ᠲᠥᠰᠥᠭᠡᠯᠡᠬᠦ ᠨᠢ ᠵᠦᠷᠢᠶ᠎ᠡ ᠲᠡᠢ ᠪᠠᠶᠢᠨ᠎ᠠ ᠭᠡᠪᠡ᠃ ᠲᠡᠭᠡᠪᠡᠯ ᠡᠨᠡ ᠤᠯᠠᠷᠢᠯ ᠳᠤ ᠰᠤᠳᠤᠯᠭᠠᠨ ᠳᠤ ᠣᠷᠣᠯᠴᠠᠭᠴᠢᠳ ᠤᠨ 72 ᠬᠤᠪᠢ ᠨᠢ ᠢᠷᠡᠬᠦ ᠵᠢᠷᠭᠤᠭᠠᠨ ᠰᠠᠷ᠎ᠠ ᠳᠤ ᠪᠠᠷᠠᠭ᠎ᠠ ᠦᠢᠯᠡᠴᠢᠯᠡᠭᠡᠨ ᠦ ᠦᠨ᠎ᠡ ᠥᠰᠥᠨ᠎ᠡ ᠭᠡᠰᠡᠨ ᠪᠣᠯ 40 ᠣᠷᠴᠢᠮ ᠬᠤᠪᠢ ᠨᠢ ᠳ᠋ᠣᠯᠯᠠᠷ ᠤᠨ ᠬᠠᠩᠰᠢ ᠴᠢᠩᠭᠠᠷᠠᠭᠰᠠᠨ ᠬᠡᠪ ᠢᠶᠡᠷ ᠪᠠᠶᠢᠨ᠎ᠠ ᠭᠡᠵᠦ ᠲᠠᠭᠠᠮᠠᠭᠯᠠᠵᠤ ᠪᠤᠢ ᠪᠠᠨ ᠢᠯᠡᠷᠬᠡᠶᠢᠯᠡᠵᠡᠢ᠃

ᠰᠡᠳᠬᠢᠭᠳᠡᠯ ᠦᠯᠡᠳᠡᠭᠡᠬᠦ