ᠲᠠᠶᠢᠯᠠᠨᠳ᠋ ᠤᠨ ᠴᠢᠩᠮᠠᠢ ᠬᠤᠲᠠᠨ᠎ᠠ ᠪᠣᠯᠤᠭᠰᠠᠨ 10 ᠳ᠋ᠡᠬᠢ ᠤᠳᠠᠭ᠎ᠠ ᠶᠢᠨ ᠪᠣᠳᠢᠪᠢᠯᠳᠢᠨ᠂ ᠹᠢᠲᠨᠧᠰ ᠤᠨ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠠᠮᠵᠢᠯᠲᠠᠲᠠᠢ ᠥᠨᠳᠥᠷᠯᠡᠯ᠎ᠡ᠃ ᠡᠨᠡ ᠰᠠᠷ᠎ᠠ ᠶᠢᠨ 14-16 ᠍ ᠬᠦᠷᠲᠡᠯ᠎ᠡ ᠦᠷᠭᠦᠯᠵᠢᠯᠡᠭᠰᠡᠨ ᠤᠭ ᠲᠡᠮᠡᠴᠡᠭᠡᠨ ᠳᠦ ᠮᠣᠩᠭᠣᠯ ᠤᠨ ᠪᠠᠭ ᠲᠠᠮᠢᠷᠴᠢᠳ ᠠᠮᠵᠢᠯᠲᠠᠲᠠᠢ ᠣᠷᠣᠯᠴᠠᠵᠤ᠂ ᠠᠲᠯᠧᠲ᠋ᠢᠭ ᠪᠡᠶ᠎ᠡ ᠪᠢᠯᠳᠠᠷ ᠠᠩᠭᠢᠯᠠᠯ ᠳᠤ ︵women’s athletic physique+30︶ ᠮᠣᠩᠭᠣᠯ ᠤᠯᠤᠰ ᠤᠨ ᠲᠠᠮᠢᠷᠴᠢᠨ ᠭᠠᠮᠪᠠᠭᠠᠭᠠ ᠶᠢᠨ ᠤᠭᠠᠯᠵᠠᠴᠡᠴᠡᠭ ᠳᠡᠯᠡᠬᠡᠢ ᠶᠢᠨ ᠳᠦᠷᠪᠡᠳᠡᠬᠢ ᠤᠳᠠᠭ᠎ᠠ ᠶᠢᠨ ᠠᠪᠤᠷᠭᠤ ᠪᠣᠯᠤᠯ᠎ᠠ᠃ ᠮᠥᠨ ᠲᠠᠮᠢᠷᠴᠢᠨ ᠭ∙ᠭᠠᠩᠰᠠᠷᠠᠭᠤᠯ ᠳᠡᠯᠡᠬᠡᠢ ᠶᠢᠨ ᠠᠪᠤᠷᠭᠤ ᠶᠢᠨ ᠮᠥᠩᠭᠥᠨ ᠮᠧᠳᠠᠯ ᠬᠦᠷᠲᠡᠵᠦ᠂ ᠲᠠᠮᠢᠷᠴᠢᠨ ᠬ∙ᠪᠣᠯᠣᠷᠴᠢᠮᠡᠭ ᠰᠫᠣᠷᠲ᠂ ᠪᠡᠶ᠎ᠡ ᠪᠢᠯᠳᠠᠷ ᠠᠩᠭᠢᠯᠠᠯ ᠳᠤ ᠬᠦᠷᠡᠯ ᠮᠧᠳᠠᠯ᠂ ᠮ∙ᠮᠣᠶᠢᠯ Women’s Model bikini ᠲᠥᠷᠥᠯ ᠳᠦ ᠬᠦᠷᠡᠯ ᠮᠧᠳᠠᠯ᠂ ᠪ᠂ ᠮᠦᠩᠬᠡᠴᠢᠮᠡᠭ ᠂ Women’s Model Physique up to 160 cm ᠠᠩᠭᠢᠯᠠᠯ ᠳᠤ ᠮᠦᠩᠭᠦᠨ ᠮᠧᠳᠠᠯ ᠤᠨ ᠡᠵᠡᠨ ᠲᠤᠰ ᠲᠤᠰ ᠪᠣᠯᠵᠤ᠂ ᠮᠣᠩᠭᠣᠯ ᠤᠨ ᠪᠠᠭ ᠲᠠᠮᠢᠷᠴᠢᠳ ᠭᠤᠷᠪᠠᠨ ᠮᠥᠩᠭᠥ᠂ ᠭᠤᠷᠪᠠᠨ ᠬᠦᠷᠡᠯ ᠮᠧᠳᠠᠯ ᠬᠦᠷᠲᠡᠯ᠎ᠡ᠃ ᠲᠡᠭᠦᠨᠴᠢᠯᠡᠨ ᠡᠷᠡᠴᠦᠳ ᠡᠴᠡ ᠰᠫᠣᠷᠲ ᠪᠡᠶ᠎ᠡ ᠪᠢᠯᠳᠠᠷ ᠠᠩᠭᠢᠯᠠᠯ Men’s Sport’s Physique up to 180 cm ᠳᠦ ᠵ∙ᠪᠠᠶᠠᠨᠮᠦ᠋ᠩᠬᠡ ᠮᠦᠩᠭᠦᠨ ᠮᠧᠳᠠᠯ᠂ ᠹᠢᠲᠨᠧᠰ ᠪᠡᠶ᠎ᠡ ᠪᠢᠯᠳᠠᠷ ᠠᠩᠭᠢᠯᠠᠯ ᠳᠤ ᠬᠦᠷᠡᠯ ᠮᠧᠳᠠᠯ ᠲᠤᠰ ᠲᠤᠰ ᠬᠦᠷᠲᠡᠪᠡ᠃