ᠥᠩᠭᠡᠷᠡᠭᠴᠢ ᠰᠥᠨᠢ ᠳᠠᠭᠤᠳᠠᠯᠭ᠎ᠠ ᠪᠠᠷ ᠡᠷᠡᠭᠦᠯ ᠮᠡᠨᠳᠦ ᠶᠢᠨ ᠲᠤᠰᠠᠯᠠᠮᠵᠢ ᠦᠵᠡᠭᠦᠯᠬᠦ ᠪᠡᠷ ᠣᠴᠢᠭᠰᠠᠨ ᠲᠦᠷᠭᠡᠨ ᠦ ᠡᠮᠴᠢ ᠶᠢᠨ ᠪᠡᠶ᠎ᠡ ᠳᠦ ᠬᠠᠯᠳᠠᠵᠤ ᠭᠡᠮᠲᠦᠭᠡᠭᠰᠡᠨ ᠬᠡᠷᠡᠭ ᠭᠠᠷᠴᠠᠢ᠃ ᠲᠣᠳᠣᠷᠠᠭᠤᠯᠪᠠᠯ᠂ ᠠᠷᠪᠠᠨ ᠬᠣᠶᠠᠳᠤᠭᠠᠷ ᠰᠠᠷ᠎ᠠ ᠶᠢᠨ 10-11᠍ ᠳᠦ ᠰᠢᠯᠵᠢᠬᠦ ᠰᠥᠨᠢ ᠶᠢᠨ 01᠄00 ᠴᠠᠭ ᠤᠨ ᠣᠷᠴᠢᠮ ᠳᠤ ᠨᠡᠶᠢᠰᠯᠡᠯ ᠦᠨ ᠬᠠᠨ-ᠠᠭᠤᠯᠠ ᠳᠡᠭᠦᠷᠭᠡ ᠶᠢᠨ ᠢᠷᠭᠡᠨ 35 ᠨᠠᠰᠤᠲᠠᠢ ᠡᠮᠡᠭᠲᠡᠢ ᠂ ᠬᠡᠪᠡᠯᠢ ᠪᠡᠷ ᠬᠦᠴᠦᠲᠡᠢ ᠡᠪᠡᠳᠦᠯᠲᠡ ᠥᠭᠴᠦ ᠪᠠᠶᠢᠨ᠎ᠠ ᠬᠡᠮᠡᠨ ᠶᠠᠭᠠᠷᠠᠯᠲᠠᠢ ᠲᠦᠷᠭᠡᠨ ᠲᠤᠰᠠᠯᠠᠮᠵᠢ ᠶᠢᠨ 103 ᠳ᠋ᠤᠭᠠᠷ ᠲᠤ ᠳᠠᠭᠤᠳᠠᠯᠭ᠎ᠠ ᠥᠭᠴᠡᠢ᠃ ᠤᠭ ᠳᠠᠭᠤᠳᠠᠯᠭ᠎ᠠ ᠶᠢᠨ ᠳᠠᠭᠠᠤ ᠲᠦᠷᠭᠡᠨ ᠦ ᠡᠮᠴᠢ ᠣᠴᠢᠵᠤ ᠡᠪᠡᠳᠴᠢᠲᠡᠨ ᠦ ᠪᠡᠶ᠎ᠡ ᠳᠦ ᠦᠵᠡᠯᠭᠡ ᠬᠢᠬᠦ ᠶᠠᠪᠤᠴᠠ ᠳᠤ ᠡᠮᠡᠭᠲᠡᠢ ᠶᠢᠨ ᠨᠥᠬᠥᠷ ᠰᠤᠭᠲᠤᠭᠤ ᠪᠠᠶᠢᠭᠰᠠᠨ ᠪᠠ ᠡᠮᠴᠢ ᠶᠢ ᠠᠭᠰᠤᠷᠴᠤ ᠬᠡᠯᠡ ᠠᠮᠠ ᠪᠠᠷ ᠳᠣᠷᠣᠮᠵᠢᠯᠠᠨ ᠲᠠᠩᠬᠠᠶᠢᠷᠠᠵᠠᠢ᠃ ᠤᠯᠠᠮ ᠢᠶᠠᠷ ᠡᠪᠡᠳᠴᠢᠲᠡᠨ ᠢ ᠡᠮᠨᠡᠯᠭᠡ ᠳᠦ ᠬᠦᠷᠭᠡᠬᠦ ᠪᠡᠷ ᠠᠪᠴᠤ ᠶᠠᠪᠤᠬᠤ ᠦᠶ᠎ᠡ ᠳᠦ ᠨᠥᠬᠥᠷ ᠨᠢ ᠠᠦ᠋ᠲ᠋ᠤ᠋ ᠮᠠᠰᠢᠨ ᠵᠢᠯᠤᠭᠤᠳᠴᠤ᠂ ᠲᠦᠷᠭᠡᠨ ᠦ ᠮᠠᠰᠢᠨ ᠤ ᠠᠷᠤ ᠠᠴᠠ ᠮᠥᠷᠭᠥᠭᠰᠡᠨ ᠦ ᠤᠯᠠᠮ ᠠᠴᠠ ᠮᠠᠰᠢᠨ ᠳᠣᠲᠣᠷ᠎ᠠ ᠲᠤᠰᠠᠯᠠᠮᠵᠢ ᠦᠵᠡᠭᠦᠯᠵᠦ ᠶᠠᠪᠤᠭᠰᠠᠨ ᠡᠮᠴᠢ ᠭᠡᠮᠲᠦᠯ ᠠᠪᠴᠤ᠂ ᠮᠠᠰᠢᠨ ᠳᠤ ᠶᠡᠬᠡ ᠬᠡᠮᠵᠢᠶᠡᠨ ᠦ ᠡᠪᠳᠡᠷᠡᠯ ᠤᠴᠠᠷᠠᠭᠤᠯᠤᠭᠰᠠᠨ ᠪᠠᠶᠢᠨ᠎ᠠ᠃ ᠤᠭ ᠬᠡᠷᠡᠭ ᠦᠨ ᠲᠤᠬᠠᠢ ᠡᠷᠭᠦᠳᠡᠯ ᠭᠣᠮᠣᠳᠠᠯ ᠢ ᠭᠡᠮᠲᠦᠯ ᠠᠪᠤᠭᠰᠠᠨ ᠡᠮᠴᠢ ᠪᠠᠶᠠᠩᠭᠤᠤᠯ ᠳᠡᠭᠦᠷᠭᠡ ᠶᠢᠨ ᠴᠠᠭᠳᠠᠭ᠎ᠠ ᠶᠢᠨ ᠨᠢᠭᠡᠳᠦᠭᠡᠷ ᠬᠡᠯᠲᠡᠰ ᠲᠦ ᠭᠠᠷᠭᠠᠭᠰᠠᠨ ᠪᠥᠭᠡᠳ ᠬᠡᠷᠡᠭ ᠡᠭᠦᠰᠬᠡᠨ ᠰᠢᠯᠭᠠᠵᠤ ᠡᠬᠢᠯᠡᠵᠡᠢ᠃