ᠤᠯᠤᠰ ᠤᠨ ᠳᠡᠭᠡᠳᠦ ᠰᠢᠭᠦᠬᠦ ᠶᠢᠨ ᠬᠢᠨᠠᠯᠲᠠ ᠶᠢᠨ ᠱᠠᠲᠤᠨ ᠤ ᠡᠷᠡᠭᠦᠦ ᠶᠢᠨ ᠬᠡᠷᠡᠭ ᠦᠨ ᠰᠢᠭᠦᠬᠦ ᠬᠤᠷᠠᠯᠳᠤᠭᠠᠨ ᠢᠶᠠᠷ ᠬ∙ᠬᠠᠶᠢᠪᠢ ᠳᠤ ᠬᠣᠯᠪᠣᠭᠳᠠᠬᠤ ᠡᠷᠡᠭᠦᠦ ᠶᠢᠨ ᠬᠡᠷᠡᠭ ᠢ ᠰᠢᠭᠦᠭᠳᠡᠭᠴᠢ ᠪᠣᠯᠤᠨ ᠲᠡᠭᠦᠨ ᠦ ᠥᠮᠥᠭᠡᠯᠡᠭᠴᠢᠳ ᠦᠨ ᠭᠠᠷᠭᠠᠭᠰᠠᠨ ᠭᠣᠮᠣᠳᠠᠯ ᠤᠨ ᠳᠠᠭᠠᠤ 2018 ᠣᠨ ᠤ 12 ᠳ᠋ᠤᠭᠠᠷ ᠰᠠᠷ᠎ᠠ ᠶᠢᠨ 7 ᠤ ᠡᠳᠦᠷ ᠬᠢᠨᠠᠨ ᠬᠡᠯᠡᠯᠴᠡᠯ᠎ᠡ᠃
ᠬ∙ᠬᠠᠶᠢᠪᠢ ᠨᠢ ᠪᠠᠶᠠᠨ-ᠥᠯᠥᠭᠡᠢ ᠠᠶᠢᠮᠠᠭ ᠤᠨ ᠪᠤᠭᠤᠲᠤ ᠰᠤᠮᠤ ᠶᠢᠨ ᠵᠠᠰᠠᠭ ᠳᠠᠷᠤᠭ᠎ᠠ ᠪᠠᠷ ᠠᠵᠢᠯᠯᠠᠵᠤ ᠪᠠᠶᠢᠬᠤ ᠳᠤ ᠪᠠᠨ ᠢᠷᠭᠡᠨS ᠢ ᠵᠠᠬᠢᠷᠭᠠᠨ ᠤ ᠬᠡᠷᠡᠭ ᠦᠨ ᠰᠢᠭᠦᠬᠦ ᠶᠢᠨ ᠰᠢᠢᠳᠪᠦᠷᠢ ᠶᠢᠨ ᠳᠠᠭᠠᠤ ᠤᠷᠳᠤ ᠡᠷᠬᠢᠯᠡᠵᠦ ᠪᠠᠶᠢᠭᠰᠠᠨ ᠵᠠᠰᠠᠭ ᠳᠠᠷᠤᠭ᠎ᠠ ᠶᠢᠨ ᠲᠠᠮᠠᠭ᠎ᠠ ᠶᠢᠨ ᠭᠠᠵᠠᠷ ᠤᠨ ᠰᠠᠩᠬᠦᠦ ᠶᠢᠨ ᠠᠯᠪᠠᠨ ᠤ ᠳᠠᠷᠤᠭ᠎ᠠ ᠶᠢᠨ ᠠᠯᠪᠠᠨ ᠲᠤᠰᠢᠶᠠᠯ ᠳᠤ ᠡᠭᠡᠭᠦᠯᠦᠨ ᠲᠣᠮᠢᠯᠠᠵᠤ᠂ ᠤᠭ ᠠᠯᠪᠠᠨ ᠤ ᠳᠠᠷᠤᠭ᠎ᠠ ᠶᠢᠨ ᠡᠭᠦᠷᠭᠡ ᠶᠢ ᠲᠦᠷ ᠣᠷᠣᠯᠠᠨ ᠭᠦᠢᠴᠡᠳᠭᠡᠵᠦ ᠪᠠᠶᠢᠭᠰᠠᠨ J ᠢ ᠠᠵᠢᠯ ᠠᠴᠠ ᠴᠢᠯᠦᠭᠡᠯᠡᠬᠦ ᠲᠤᠬᠠᠢ ᠵᠠᠬᠢᠷᠤᠮᠵᠢ ᠭᠠᠷᠭᠠᠭᠰᠠᠨ ᠬᠡᠳᠦᠢ ᠴᠤ ᠳᠡᠭᠡᠷᠡᠬᠢ ᠵᠠᠬᠢᠷᠤᠮᠵᠢ ᠶᠢ S ᠳᠦ ᠮᠡᠳᠡᠭᠳᠡᠵᠦ ᠲᠠᠨᠢᠯᠴᠠᠭᠤᠯᠬᠤ ᠦᠭᠡᠢ ᠪᠡᠷ ᠨᠢᠭᠤᠨ ᠳᠠᠷᠤᠭᠳᠠᠭᠤᠯᠵᠤ ᠪᠠᠶᠢᠭᠠᠳ ᠲᠡᠭᠦᠨ ᠢ ᠰᠢᠯᠲᠠᠭᠠᠨ ᠦᠭᠡᠢ ᠪᠡᠷ 16 ᠬᠣᠨᠣᠭ ᠠᠵᠢᠯ ᠲᠠᠰᠤᠯᠵᠤ ᠰᠠᠬᠢᠯᠭ᠎ᠠ ᠶᠢᠨ ᠨᠣᠴᠢᠲᠠᠢ ᠵᠥᠷᠢᠴᠡᠯ ᠭᠠᠷᠭᠠᠭᠰᠠᠨ ᠭᠡᠰᠡᠨ ᠦᠨᠳᠦᠰᠦᠯᠡᠯ ᠢᠶᠡᠷ ᠠᠵᠢᠯ ᠠᠴᠠ ᠬᠠᠯᠠᠬᠤ ᠰᠠᠬᠢᠯᠭ᠎ᠠ ᠶᠢᠨ ᠰᠢᠢᠳᠭᠡᠯ ᠣᠨᠣᠭᠳᠠᠭᠤᠯᠤᠭᠰᠠᠨ ᠵᠠᠬᠢᠷᠤᠮᠵᠢ ᠭᠠᠷᠭᠠᠨ ᠰᠢᠭᠦᠬᠦ ᠶᠢᠨ ᠰᠢᠢᠳᠪᠦᠷᠢ ᠶᠢ ᠳᠦᠷᠢ ᠡᠰᠬᠡᠨ ᠪᠡᠶᠡᠯᠡᠭᠦᠯᠵᠦ᠂ ᠰᠢᠭᠦᠬᠦ ᠶᠢᠨ ᠰᠢᠢᠳᠪᠦᠷᠢ ᠭᠦᠢᠴᠡᠳᠭᠡᠬᠦ ᠠᠵᠢᠯᠯᠠᠭᠠᠨ ᠳᠤ ᠰᠠᠭᠠᠳ ᠤᠴᠠᠷᠠᠭᠤᠯᠤᠭᠰᠠᠨ ᠭᠡᠮᠲᠦ ᠬᠡᠷᠡᠭ ᠲᠦ ᠬᠣᠯᠪᠣᠭᠳᠠᠵᠠᠢ᠃
ᠪᠠᠶᠠᠨ-ᠥᠯᠥᠭᠡᠢ ᠠᠶᠢᠮᠠᠭ ᠳᠠᠬᠢ ᠰᠤᠮᠤ ᠳᠤᠮᠳᠠ ᠶᠢᠨ ᠡᠷᠡᠭᠦᠦ ᠶᠢᠨ ᠬᠡᠷᠡᠭ ᠦᠨ ᠠᠩᠬᠠᠨ ᠱᠠᠲᠤᠨ ᠤ ᠰᠢᠭᠦᠬᠦ ᠳᠡᠭᠡᠷᠡᠬᠢ ᠬᠡᠷᠡᠭ ᠢ 2018 ᠣᠨ ᠤ 8 ᠳ᠋ᠤᠭᠠᠷ ᠰᠠᠷ᠎ᠠ ᠶᠢᠨ 1 ᠦ ᠡᠳᠦᠷ ᠬᠢᠨᠠᠨ ᠬᠡᠯᠡᠯᠴᠡᠭᠡᠳ ᠬ∙ᠬᠠᠶᠢᠪᠢ ᠶᠢ ᠰᠢᠭᠦᠬᠦ ᠶᠢᠨ ᠰᠢᠢᠳᠪᠦᠷᠢ ᠭᠦᠢᠴᠡᠳᠭᠡᠬᠦ ᠠᠵᠢᠯᠯᠠᠭᠠᠨ ᠳᠤ ᠰᠠᠨᠠᠭ᠎ᠠ ᠲᠠᠢ ᠰᠠᠭᠠᠳ ᠤᠴᠠᠷᠠᠭᠤᠯᠤᠭᠰᠠᠨ᠂ ᠵᠠᠶᠢᠯᠠᠰᠬᠢᠭᠰᠡᠨ ᠭᠡᠮᠲᠦ ᠬᠡᠷᠡᠭ ᠦᠢᠯᠡᠳᠦᠭᠰᠡᠨ ᠭᠡᠮ ᠪᠤᠷᠤᠭᠤ ᠲᠠᠢ ᠳᠤ ᠲᠣᠭᠠᠴᠠᠵᠤ᠂ ︽ᠡᠷᠡᠭᠦᠦ ᠶᠢᠨ ᠬᠠᠤᠯᠢ︾ ᠶᠢᠨ 21.7 ᠳ᠋ᠤᠭᠠᠷ ᠵᠦᠢᠯ ᠦᠨ 1 ᠳ᠋ᠡᠬᠢ ᠬᠡᠰᠡᠭ ᠲᠦ ᠵᠢᠭᠠᠭᠰᠠᠨ ᠢᠶᠠᠷ 3 ᠰᠠᠶ᠎ᠠ ᠲᠥᠭᠥᠷᠢᠭ ᠢᠶᠡᠷ ᠲᠤᠷᠭᠠᠬᠤ ᠶᠠᠯ᠎ᠠ ᠣᠨᠣᠭᠳᠠᠭᠤᠯᠤᠭᠰᠠᠨ ᠢ ᠳᠠᠪᠠᠵᠤ ᠵᠠᠭᠠᠯᠳᠤᠬᠤ ᠱᠠᠲᠤᠨ ᠤ ᠰᠢᠭᠦᠬᠦ ᠬᠡᠪ ᠢᠶᠡᠷ ᠦᠯᠡᠳᠡᠭᠡᠭᠰᠡᠨ ᠶᠤᠮ᠃ ᠤᠯᠤᠰ ᠤᠨ ᠳᠡᠭᠡᠳᠦ ᠰᠢᠭᠦᠬᠦ ᠶᠢᠨ ᠬᠢᠨᠠᠯᠲᠠ ᠶᠢᠨ ᠱᠠᠲᠤᠨ ᠤ ᠡᠷᠡᠭᠦᠦ ᠶᠢᠨ ᠬᠡᠷᠡᠭ ᠦᠨ ᠰᠢᠭᠦᠬᠦ ᠬᠤᠷᠠᠯᠳᠤᠭᠠᠨ ᠢᠶᠠᠷ ᠤᠭ ᠬᠡᠷᠡᠭ ᠢ ᠬᠢᠨᠠᠨ ᠬᠡᠯᠡᠯᠴᠡᠭᠡᠳ ᠠᠩᠬᠠᠨ ᠪᠣᠯᠤᠨ ᠳᠠᠪᠠᠵᠤ ᠵᠠᠭᠠᠯᠳᠤᠬᠤ ᠱᠠᠲᠤᠨ ᠤ ᠰᠢᠭᠦᠬᠦ ᠶᠢᠨ ᠰᠢᠢᠳᠪᠦᠷᠢ ᠶᠢ ᠬᠡᠪ ᠢᠶᠡᠷ ᠦᠯᠡᠳᠡᠭᠡᠵᠦ ᠰᠢᠢᠳᠪᠦᠷᠢᠯᠡᠪᠡ᠃