ᠡᠨᠡ ᠰᠠᠷ᠎ᠠ ᠶᠢᠨ 2 ᠍ ᠤ ᠡᠳᠦᠷ ᠪᠤᠶᠤ ᠥᠩᠭᠡᠷᠡᠭᠰᠡᠨ ᠨᠢᠮ᠎ᠠ ᠭᠠᠷᠠᠭ ᠲᠤ ᠪᠦᠭᠦᠳᠡ ᠨᠠᠶᠢᠷᠠᠮᠳᠠᠬᠤ ᠬᠢᠲᠠᠳ ᠠᠷᠠᠳ ᠤᠯᠤᠰ ᠤᠨ ᠱᠸᠨᠵᠸᠨ ᠬᠤᠲᠠ ᠳᠤ WDSF ᠯᠠᠲ᠋ᠢᠨ ᠪᠦᠵᠢᠭ ᠦᠨ ᠹᠣᠷᠮᠡᠶᠢᠰᠢᠨ ᠲᠡᠮᠡᠴᠡᠭᠡᠨ ᠪᠣᠯᠵᠤ ᠥᠨᠳᠥᠷᠯᠡᠯ᠎ᠡ᠃ ᠡᠨᠡᠬᠦ ᠲᠡᠮᠡᠴᠡᠭᠡᠨ ᠳᠦ ᠮᠠᠨ ᠤ ᠤᠯᠤᠰ ᠠᠴᠠ Star Danc᠂ Moon Dance ᠬᠠᠮᠲᠤᠯᠢᠭ ᠤᠨ ᠬᠢᠨ ᠣᠷᠣᠯᠴᠠᠭᠰᠠᠨ᠃ ᠭᠡᠬᠦ ᠳᠦ ᠪᠡᠨ ᠭᠸᠷᠮᠠᠡ ᠣ ᠪᠦᠵᠢᠭ ᠦᠨ Grun Gold ᠬᠠᠮᠲᠤᠯᠢᠭ ᠠᠴᠠ ᠮᠣᠩᠭᠣᠯ ᠤᠯᠤᠰ ᠤᠨ ᠢᠷᠭᠡᠨ ᠨᠡᠷᠡᠭᠦᠢ ᠶᠢᠨ ᠣᠨᠣᠨᠳᠠᠷᠢ ᠣᠷᠣᠯᠴᠠᠵᠤ ᠳᠡᠯᠡᠬᠡᠢ ᠶᠢᠨ ᠠᠪᠤᠷᠭᠤ ᠪᠣᠯᠵᠠᠢ᠃
ᠨ∙ᠣᠨᠣᠨᠳᠠᠷᠢ ᠨᠢ 21 ᠨᠠᠰᠤᠲᠠᠢ ︽ᠰᠫᠣᠷᠲ ᠤᠨ ᠰᠡᠳᠬᠢᠯ ᠰᠤᠳᠤᠯᠤᠯ︾ ᠢᠶᠡᠷ ᠰᠤᠷᠳᠠᠭ᠃ ᠡᠮᠦᠨ᠎ᠡ ᠨᠢ ᠪᠤᠶᠤ ᠵᠢᠷᠭᠤᠭᠠᠨ ᠵᠢᠯ ᠦᠨ ᠡᠮᠦᠨ᠎ᠡ ᠪᠷᠧᠮᠧᠨ ᠦ ᠳᠡᠯᠡᠬᠡᠢ ᠶᠢᠨ ᠠᠪᠤᠷᠭᠤ ᠳᠤ ᠮᠣᠩᠭᠣᠯ ᠤᠨ ᠢᠶᠠᠨ ᠪᠦᠵᠢᠭ ᠦᠨ ᠰᠲ᠋ᠠᠷ ᠬᠠᠮᠲᠤᠯᠢᠭ ᠢᠶᠠᠷ ᠢᠶᠠᠨ ᠣᠷᠣᠯᠴᠠᠵᠤ ᠪᠠᠶᠢᠴᠠᠢ᠃ ᠲᠡᠷᠡ ᠦᠶ᠎ᠡ ᠳᠦ Grun Gold ᠍ ᠢ ᠪᠢᠰᠢᠷᠡᠵᠦ᠂ ᠡᠨᠡ ᠬᠠᠮᠲᠤᠯᠢᠭ ᠲᠤ ᠣᠷᠣᠵᠤ ᠪᠦᠵᠢᠭᠯᠡᠬᠦ ᠮᠥᠷᠥᠭᠡᠳᠦᠯ ᠲᠡᠢ ᠪᠣᠯᠤᠭᠰᠠᠨ᠃ ᠮᠥᠷᠥᠭᠡᠳᠦᠯ ᠮᠢᠨᠢ ᠪᠡᠶᠡᠯᠡᠵᠦ ᠪᠠᠶᠢᠭ᠎ᠠ ᠳᠤ ᠢᠲᠡᠭᠡᠬᠦ ᠶᠢᠨ ᠠᠷᠭ᠎ᠠ ᠦᠭᠡᠢ ᠪᠠᠶᠠᠷᠲᠠᠢ ᠪᠠᠶᠢᠨ᠎ᠠ ᠭᠡᠵᠡᠢ᠃