ᠶᠠᠫᠣᠨ ᠤ ᠮᠡᠷᠭᠡᠵᠢᠯ ᠦᠨ ᠰᠦᠮᠦᠦ ᠪᠥᠬᠡ ᠶᠢᠨ ᠴᠢᠭᠠᠨᠠᠤᠷᠠ ᠳᠡᠪᠵᠢᠶᠡᠨ ᠦ ᠪᠥᠬᠡ ᠲᠠᠺᠠᠨᠤᠶᠢᠸᠠ ᠠ᠊∙ᠪᠠᠰᠠᠩᠳᠣᠷᠵᠢ ᠲᠤᠰᠠᠯᠠᠬᠤ ᠪᠥᠬᠡ ᠪᠡᠨ ᠵᠣᠳᠣᠭᠰᠠᠨ ᠬᠡᠷᠡᠭ ᠥᠴᠥᠭᠡᠳᠦᠷ ︵2018.12.05︶ ᠭᠠᠷᠤᠭᠰᠠᠨ ᠲᠤᠬᠠᠢ ᠮᠡᠳᠡᠭᠡᠯᠡᠭᠰᠡᠨ ᠪᠢᠯᠡ᠃ ᠵᠣᠳᠣᠭᠤᠯᠤᠭᠰᠠᠨ ᠭᠡᠬᠦ ᠪᠥᠬᠡ ᠹᠦᠺᠤᠤᠺᠠ ᠳᠤ ᠪᠣᠯᠵᠤ ᠪᠠᠶᠢᠭᠰᠠᠨ ᠲᠣᠭᠣᠷᠢᠭ ᠤᠨ ᠪᠠᠷᠢᠯᠳᠤᠭᠠᠨ ᠳᠤ ᠪᠠᠨ ᠬᠤᠴᠤᠷᠴᠦ ᠢᠷᠡᠭᠰᠡᠨ ᠪᠥᠭᠡᠳ ᠤᠴᠢᠷ ᠢ ᠨᠢ ᠠᠰᠠᠭᠤᠬᠤ ᠳᠤ ᠲᠠᠺᠠᠨᠤᠶᠢᠸᠠ ᠳᠤ ᠵᠣᠳᠣᠭᠤᠯᠤᠭᠰᠠᠨ ᠢᠶᠠᠨ ᠬᠡᠯᠡᠭᠰᠡᠨ ᠢᠶᠡᠷ ᠬᠡᠷᠡᠭ ᠢᠯᠡᠷᠡᠵᠡᠢ᠃ ᠲᠠᠺᠠᠨᠤᠶᠢᠸᠠ ᠶᠠᠫᠣᠨ ᠤ ᠰᠦᠮᠦᠦ ᠪᠥᠬᠡ ᠶᠢᠨ ᠬᠣᠯᠪᠣᠭᠠᠨ ᠤ ᠶᠣᠰᠣ ᠵᠦᠢ ᠶᠢᠨ ᠬᠣᠷᠢᠶᠠᠨ ᠳᠤ ᠳᠠᠭᠤᠳᠠᠭᠳᠠᠨ᠂ ᠥᠪᠡᠷ ᠦᠨ ᠶᠣᠰᠣ ᠵᠦᠢ ᠦᠭᠡᠢ ᠦᠢᠯᠡᠳᠦᠯ ᠢᠶᠡᠨ ᠬᠦᠯᠢᠶᠡᠨ ᠵᠦᠪᠰᠢᠶᠡᠷᠡᠵᠦ ᠂ ᠬᠦᠯᠢᠴᠡᠯ ᠥᠴᠢᠭᠰᠡᠨ ᠪᠠᠶᠢᠨ᠎ᠠ᠃ ᠢᠩᠭᠢᠭᠡᠳ ᠰᠦᠮᠦᠦ ᠪᠥᠬᠡ ᠶᠢᠨ ᠬᠣᠯᠪᠣᠭᠠᠨ ᠠᠴᠠ ᠡᠬᠢᠨ ᠦ ᠡᠭᠡᠯᠵᠢᠨ ᠳᠦ ᠲᠠᠺᠠᠨᠤᠶᠢᠸᠠ ᠶᠢ ᠲᠣᠭᠣᠷᠢᠭ ᠤᠨ ᠪᠠᠷᠢᠯᠳᠤᠭᠠᠨ ᠠᠴᠠ ᠴᠢᠯᠦᠭᠡᠯᠡᠬᠦ ᠰᠢᠢᠳᠪᠦᠷᠢ ᠭᠠᠷᠭᠠᠵᠤ ᠪᠠᠶᠢᠭ᠎ᠠ ᠶᠤᠮ ᠪᠠᠶᠢᠨ᠎ᠠ᠃ ᠬᠣᠬᠢᠷᠠᠭᠴᠢ ᠶᠢᠨ ᠮᠡᠳᠡᠭᠦᠯᠭᠡ ᠶᠢ ᠰᠣᠨᠣᠰᠤᠭᠰᠠᠨ ᠤ ᠳᠠᠷᠠᠭ᠎ᠠ ᠴᠢᠨᠠᠭᠰᠢᠳᠠ ᠶᠠᠮᠠᠷ ᠠᠷᠭ᠎ᠠ ᠬᠡᠮᠵᠢᠶ᠎ᠡ ᠠᠪᠬᠤ ᠪᠠᠨ ᠰᠢᠢᠳᠬᠦ ᠭᠡᠨ᠎ᠡ᠃ ᠡᠮᠦᠨ᠎ᠡ ᠨᠢ ᠠ᠊∙ᠪᠠᠰᠠᠩᠳᠣᠷᠵᠢ ᠶᠡᠬᠡ ᠠᠪᠤᠷᠭᠤ ᠬᠠᠷᠤᠮᠠᠹᠦᠵᠢ ᠳ∙ᠪᠢᠮᠪᠠᠳᠣᠷᠵᠢ ᠳᠤ ᠵᠣᠳᠣᠭᠤᠯᠤᠭᠰᠠᠨ ᠭᠡᠬᠦ ᠮᠠᠷᠭᠤᠭᠠᠨ ᠡᠭᠦᠰᠴᠦ ᠂ ᠳ∙ᠪᠢᠮᠪᠠᠳᠣᠷᠵᠢ ᠵᠣᠳᠣᠭ ᠲᠠᠶᠢᠯᠤᠭᠰᠠᠨ ᠢᠶᠠᠷ ᠲᠡᠳᠡᠨ ᠦ ᠮᠠᠷᠭᠤᠭᠠᠨ ᠥᠨᠳᠥᠷᠯᠡᠭᠰᠡᠨ ᠪᠢᠯᠡ᠃
ᠡᠬᠢ ᠰᠤᠷᠪᠤᠯᠵᠢ᠄Kyodonews