ᠮᠣᠩᠭᠣᠯ ᠤᠯᠤᠰ ᠲᠤ ᠪᠤᠤᠺᠰ ᠦᠨ ᠰᠫᠣᠷᠲ ᠡᠭᠦᠰᠴᠦ ᠬᠥᠭᠵᠢᠭᠰᠡᠨ ᠦ 70 ᠵᠢᠯ᠂ ᠬᠤᠷᠢᠳᠤᠭᠠᠷ ᠵᠠᠭᠤᠨ ᠤ ᠮᠠᠩᠯᠠᠢ᠂ ᠭᠠᠪᠢᠶᠠᠲᠤ ᠳᠠᠰᠬᠠᠯᠵᠢᠭᠤᠯᠤᠭᠴᠢ ᠸ∙ᠪᠠᠲᠤᠪᠠᠶᠠᠷ ᠤᠨ ᠨᠡᠷᠡᠮᠵᠢᠲᠦ 2018 ᠣᠨ ᠤ ᠨᠠᠰᠤᠨ ᠳᠤ ᠬᠦᠷᠦᠭᠰᠡᠳ ᠦᠨ ᠤᠯᠤᠰ ᠤᠨ ᠠᠪᠤᠷᠭᠤ ᠰᠢᠯᠭᠠᠷᠠᠭᠤᠯᠬᠤ ᠲᠡᠮᠡᠴᠡᠭᠡᠨ ᠥᠴᠥᠭᠡᠳᠦᠷ ᠰᠫᠣᠷᠲ ᠤᠨ ᠲᠥᠪ ᠣᠷᠳᠣᠨ ᠳᠤ ᠨᠡᠭᠡᠭᠡᠯᠲᠡ ᠪᠡᠨ ᠬᠢᠯ᠎ᠡ ᠃ ᠲᠡᠮᠡᠴᠡᠭᠡᠨ ᠳᠦ 32 ᠪᠠᠶᠢᠭᠤᠯᠤᠯᠭ᠎ᠠ ᠶᠢᠨ 140 ᠣᠷᠴᠢᠮ ᠲᠠᠮᠢᠷᠴᠢᠨ ᠣᠯᠠᠨ ᠤᠯᠤᠰ ᠤᠨ ᠪᠤᠤᠺᠰ ᠤᠨ ᠬᠣᠯᠪᠣᠭᠠᠨ ᠠᠴᠠ ᠪᠠᠲᠤᠯᠠᠭᠰᠠᠨ ᠰᠢᠨ᠎ᠡ ᠳᠦᠷᠢᠮ ᠢᠶᠡᠷ ᠡᠷᠡᠭᠲᠡᠢ ᠨᠠᠢᠮᠠ᠂ ᠡᠮᠡᠭᠲᠡᠢ ᠲᠠᠪᠤᠨ ᠵᠢᠩ ᠳᠦ ᠥᠷᠢᠰᠦᠯᠳᠦᠨ᠎ᠡ᠃ ᠡᠷᠡᠭᠲᠡᠶᠢᠴᠦᠳ 52᠂ 57᠂ 63᠂ 69᠂ 75᠂ 81᠂ -91᠂ +91 ᠺᠢᠯᠦᠭᠷᠡᠮ᠂ ᠡᠮᠡᠭᠲᠡᠶᠢᠴᠦᠳ 51᠂ 57᠂ 60᠂ 69᠂ 75 ᠺᠢᠯᠦᠭᠷᠡᠮ ᠤᠨ ᠵᠢᠩ ᠳᠦ ᠠᠪᠤᠷᠭᠤ ᠨᠤᠭᠤᠳ ᠢᠶᠠᠨ ᠲᠣᠳᠣᠷᠠᠭᠤᠯᠤᠨ᠎ᠠ᠃ 2018 ᠣᠨ ᠤ ᠤᠯᠤᠰ ᠤᠨ ᠠᠪᠤᠷᠭᠤ ᠰᠢᠯᠭᠠᠷᠠᠭᠤᠯᠬᠤ ᠲᠡᠮᠡᠴᠡᠭᠡᠨ ᠳᠦ ᠠᠮᠵᠢᠯᠲᠠᠲᠠᠢ ᠣᠷᠣᠯᠴᠠᠭᠰᠠᠨ ᠲᠠᠮᠢᠷᠴᠢᠳ ᠢᠶᠠᠷ 2019 ᠣᠨ ᠤ ᠰᠢᠭᠰᠢᠭᠡ ᠪᠠᠭ ᠪᠠᠶᠢᠭᠤᠯᠬᠤ ᠵᠢᠷᠤᠮ ᠲᠠᠢ᠃ ᠡᠨᠡ ᠵᠢᠯ ᠦᠨ ᠲᠡᠮᠡᠴᠡᠭᠡᠨ ᠢ ᠣᠯᠢᠮᠫ᠂ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠦ ᠬᠦᠷᠡᠯ ᠮᠸᠳᠠᠯᠲᠤ ᠭᠠᠪᠢᠶᠠᠲᠤ ᠲᠠᠮᠢᠷᠴᠢᠨ ᠳ∙ᠣᠳᠬᠣᠨᠳᠠᠯᠠᠢ ᠪᠣᠯᠤᠨ ᠥᠩᠭᠡᠷᠡᠭᠴᠢ ᠰᠠᠷ᠎ᠠ ᠳᠤ ᠡᠨᠡᠳᠬᠡᠭ ᠲᠦ ᠪᠣᠯᠤᠭᠰᠠᠨ ᠡᠮᠡᠭᠲᠡᠶᠢᠴᠦᠳ ᠦᠨ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠡᠴᠡ ᠬᠦᠷᠡᠯ ᠮᠧᠳᠠᠯ ᠬᠦᠷᠲᠡᠭᠰᠡᠨ ᠮ∙ᠨᠠᠨᠳᠢᠨᠴᠡᠴᠡᠭ ᠨᠠᠷ ᠤᠨ ᠰᠢᠯᠢᠳᠡᠭ ᠲᠣᠭᠯᠠᠭᠴᠢᠳ ᠥᠨᠵᠢᠬᠦ ᠪᠡᠷ ᠪᠣᠯᠵᠠᠢ᠃