ᠮᠣᠩᠭᠣᠯ ᠶᠣᠰᠣ ᠵᠠᠩᠰᠢᠯ᠂ ᠥᠪ ᠤᠯᠠᠮᠵᠢᠯᠠᠯ᠂ ᠨᠡᠭᠦᠳᠡᠯᠴᠢᠳ ᠦᠨ ᠠᠬᠤᠢ ᠰᠤᠶᠤᠯ ᠢ ᠬᠠᠷᠠᠭᠤᠯᠤᠭᠰᠠᠨ ᠨᠣᠮ ᠲᠡᠭᠡᠭᠡᠭᠰᠡᠨ ᠲᠡᠮᠡᠭᠡᠨ ᠵᠢᠩ ᠦᠨ ᠠᠶᠠᠯᠠᠯ ᠳᠣᠷᠣᠨᠠᠭᠣᠪᠢ ᠠᠶᠢᠮᠠᠭ ᠤᠨ ᠬᠠᠮᠠᠷ ᠤᠨ ᠬᠡᠶᠢᠳ ᠡᠴᠡ ᠤᠯᠠᠭᠠᠨᠪᠠᠳᠠᠷᠠᠬᠤ ᠰᠤᠮᠤ ᠤᠷᠤᠭᠤ ᠡᠨᠡ ᠰᠠᠷ᠎ᠠ ᠶᠢᠨ 06 ᠍- 08 ᠍ ᠳᠦ ᠡᠬᠢᠯᠡᠨ᠎ᠡ᠃
ᠳᠣᠷᠣᠨᠠᠭᠣᠪᠢ ᠠᠶᠢᠮᠠᠭ ᠤᠨ ᠤᠯᠠᠭᠠᠨᠪᠠᠳᠠᠷᠠᠬᠤ ᠰᠤᠮᠤ ᠶᠢᠨ ᠤᠤᠭᠠᠯ ᠂ ᠪᠣᠯᠣᠷ ᠴᠣᠮᠣ ᠶᠢᠨ ᠡᠵᠡᠨ᠂ ᠮᠣᠩᠭᠣᠯ ᠤᠯᠤᠰ ᠤᠨ ᠰᠤᠶᠤᠯ ᠤᠨ ᠭᠠᠪᠢᠶᠠᠲᠤ ᠵᠢᠳᠬᠦᠯᠲᠡᠨ ᠢᠷᠠᠭᠤ ᠨᠠᠶᠢᠷᠠᠭᠴᠢ ᠠ᠊∙ᠡᠷᠳᠡᠨᠢᠸᠠᠴᠢᠷ ᠤᠨ ᠭᠡᠭᠡᠨ ᠳᠤᠷᠠᠰᠬᠠᠯ ᠳᠤ ᠵᠣᠷᠢᠭᠤᠯᠵᠤ ︽ᠠᠷᠯᠠᠨ ᠤ ᠡᠷᠳᠡᠨᠢᠸᠠᠴᠢᠷ ᠰᠠᠩ︾ ᠢ ᠲᠡᠭᠦᠨ ᠦ ᠬᠦᠦ ᠡ᠊ ∙ᠴᠠᠭᠠᠨ-ᠠᠭᠤᠯᠠ᠂ ᠭᠡᠷ ᠪᠦᠯᠢ᠂ ᠠᠬ᠎ᠠ ᠳᠡᠭᠦᠦ ᠲᠥᠷᠥᠯ ᠲᠥᠷᠥᠭᠰᠡᠳ ᠨᠢ ᠰᠠᠨᠠᠭᠠᠴᠢᠯᠠᠵᠤ ᠂ ᠳᠡᠭᠡᠷᠡᠬᠢ ᠨᠣᠮ ᠲᠠᠢ ᠠᠶᠠᠯᠠᠯ ᠢ ᠵᠣᠬᠢᠶᠠᠨ ᠪᠠᠶᠢᠭᠤᠯᠵᠤ ᠪᠠᠶᠢᠭ᠎ᠠ ᠶᠤᠮ ᠃ ︽ᠮᠢᠨᠦ ᠴᠤᠭᠯᠠᠭᠤᠯᠤᠭᠰᠠᠨ ᠬᠣᠷᠸ᠎ᠠ ︾ ᠨᠣᠮ ᠲᠡᠭᠡᠭᠡᠭᠰᠡᠨ ᠲᠡᠮᠡᠭᠡᠨ ᠵᠢᠩ ᠬᠠᠮᠠᠷ ᠤᠨ ᠬᠡᠶᠢᠳ ᠦᠨ ᠴᠣᠭᠴᠠᠯᠠᠪᠤᠷᠢ ᠠᠴᠠ ᠬᠥᠳᠡᠯᠵᠦ ᠬᠣᠶᠠᠷ ᠬᠣᠨᠣᠭ ᠶᠠᠪᠤᠵᠤ 08 ᠍ ᠤ ᠥᠷᠯᠥᠭᠡ ᠤᠯᠠᠭᠠᠨᠪᠠᠳᠠᠷᠠᠬᠤ ᠰᠤᠮᠤᠨ ᠳᠤ ᠬᠦᠷᠬᠦ ᠪᠥᠭᠡᠳ ᠵᠢᠩ ᠦᠨ ᠶᠠᠪᠤᠴᠠ ᠳᠤ ᠲᠡᠮᠡᠭᠡ ᠬᠥᠯᠭᠡᠯᠡᠭᠰᠡᠨ ᠨᠠᠶᠢᠷᠠᠭᠴᠢᠳ ︽ᠨᠠᠶᠢᠷᠠᠭ ᠤᠨ ᠭᠠᠯ︾ ᠲᠦᠳᠡᠭ ᠲᠣᠭᠣᠷᠢᠭᠰᠠᠨ ᠢᠷᠠᠭᠤ ᠨᠠᠶᠢᠷᠠᠭ ᠤᠨ ᠤᠩᠰᠢᠯᠭ᠎ᠠ ᠤᠩᠰᠢᠵᠤ᠂ 《ᠮᠢᠨᠦ ᠴᠤᠭᠯᠠᠭᠤᠯᠤᠭᠰᠠᠨ ᠬᠣᠷᠸ᠎ᠠ 》 ᠦᠳᠡᠰᠢ ᠶᠢᠨ ᠴᠡᠩᠭᠡᠭᠦᠨ ᠳᠦ ᠤᠷᠤᠯᠴᠠᠬᠤ ᠪᠥᠭᠡᠳ ᠤᠯᠠᠭᠠᠨᠪᠠᠳᠠᠷᠠᠬᠤ ᠰᠤᠮᠤᠨ ᠳᠤ ᠨᠣᠮ ᠬᠦᠯᠢᠶᠡᠯᠭᠡᠨ ᠥᠭᠬᠦ ᠠᠵᠠᠢ᠃