ᠮᠣᠩᠭᠣᠯ ᠤᠨ ᠬᠠᠮᠤᠭ ᠤᠨ ᠣᠯᠠᠨ ᠪᠤᠶᠤ ᠨᠢᠭᠡ ᠰᠠᠶ᠎ᠠ ᠭᠠᠷᠤᠢ ᠦᠢᠯᠡᠴᠢᠯᠡᠭᠦᠯᠦᠭᠴᠢ ᠲᠡᠢ ᠬᠠᠭᠠᠨ ᠪᠠᠩᠬᠢᠨ ᠠᠴᠠ ᠲᠠᠲᠠᠭᠠᠯᠵᠠᠬᠤ ᠳᠠᠪᠠᠯᠭ᠎ᠠ ᠶᠢ ᠢᠷᠭᠡᠳ ᠴᠠᠬᠢᠮ ᠰᠦᠯᠵᠢᠶᠡᠨ ᠳᠦ ᠪᠡᠨ ᠡᠬᠢᠯᠡᠭᠦᠯᠵᠡᠢ᠃ ᠰᠢᠯᠲᠠᠭᠠᠨ ᠨᠢ ᠦᠢᠯᠡᠴᠢᠯᠡᠭᠦᠯᠦᠭᠴᠢ ᠶᠢᠨ ᠳᠠᠩᠰᠠᠨ ᠠᠴᠠ ᠤᠴᠢᠷ ᠪᠢᠲᠡᠭᠦᠯᠢᠭ ᠢᠶᠡᠷ 200 ᠲᠥᠭᠥᠷᠢᠭ ᠦᠨ ᠰᠢᠮᠡᠳᠭᠡᠯ ᠰᠠᠭᠤᠳᠬᠠᠨ ᠠᠪᠤᠭᠰᠠᠨ ᠪᠥᠭᠡᠳ ᠢᠷᠭᠡᠳ ᠡᠭᠦᠨ ᠢ ︽ᠪᠣᠯᠪᠠᠰᠤᠨ ᠳᠡᠭᠡᠷᠡᠮ︾ ᠭᠡᠵᠦ ᠦᠵᠡᠵᠦ ᠪᠠᠶᠢᠭ᠎ᠠ ᠠᠵᠠᠢ᠃
《ᠡᠨᠡ ᠪᠣᠯ ᠴᠢᠮᠡᠭᠡ ᠦᠭᠡᠢ ᠯᠤᠶᠢᠪᠠᠷ᠃ ᠭᠦᠢᠯᠭᠡᠭᠡ ᠬᠢᠬᠦ ᠪᠦᠷᠢ ᠳᠦ ᠰᠢᠮᠡᠳᠭᠡᠯ ᠠᠪᠴᠤ ᠪᠠᠶᠢᠵᠤ᠂ ᠰᠠᠷ᠎ᠠ ᠶᠢᠨ ᠡᠴᠦᠰ ᠲᠦ 200 ᠲᠥᠭᠥᠷᠢᠭ ᠰᠢᠭᠤᠳ ᠠᠪᠳᠠᠭ ᠨᠢ ᠠᠶᠤᠮᠰᠢᠭᠲᠠᠢ᠃ ᠬᠠᠮᠤᠭ ᠤᠨ ᠭᠣᠣᠯ ᠨᠢ ᠵᠥᠪᠰᠢᠶᠡᠷᠡᠯ ᠦᠭᠡᠢ ᠠᠪᠤᠭᠰᠠᠨ ᠨᠢ ᠳᠡᠭᠡᠷᠡᠮ ᠬᠤᠯᠠᠭᠠᠢ ᠭᠡᠵᠦ ᠬᠡᠯᠡᠵᠦ ᠪᠣᠯᠤᠨ᠎ᠠ᠃ ᠰᠥᠨᠢ ᠶᠢᠨ ᠳᠣᠲᠣᠷ᠎ᠠ ᠨᠢᠭᠡ ᠬᠦᠮᠦᠨ ᠡᠴᠡ 200 ᠲᠥᠭᠥᠷᠢᠭ ᠰᠠᠭᠤᠳᠬᠠᠭᠰᠠᠨ ᠭᠡᠵᠦ ᠲᠣᠭᠠᠴᠠᠪᠠᠯ ᠨᠢᠭᠡ ᠰᠠᠶ᠎ᠠ ᠢᠷᠭᠡᠨ ᠡᠴᠡ 200 ᠰᠠᠶ᠎ᠠ ᠲᠥᠭᠥᠷᠢᠭ ᠠᠪᠤᠭᠰᠠᠨ ᠭᠡᠰᠡᠨ ᠦᠭᠡ᠃ ᠬᠡᠷᠪᠡ 200 ᠲᠥᠭᠥᠷᠢᠭ ᠦᠨ ᠬᠠᠨᠳᠢᠪ ᠤᠨ ᠠᠶᠠᠨ ᠤᠯᠤᠰ ᠣᠷᠣᠨ ᠳᠠᠶᠠᠭᠠᠷ ᠬᠡᠷᠡᠭᠵᠢᠭᠦᠯᠵᠦ 40 ᠠᠶᠢᠯ ᠢ ᠲᠠᠪᠢᠯᠭ᠎ᠠ ᠲᠠᠢ ᠪᠣᠯᠭᠠᠭᠰᠠᠨ ᠪᠣᠯ ᠪᠢᠳᠡ ᠪᠤᠬᠢᠨᠢᠳᠤᠬᠤ ᠦᠭᠡᠢ ᠪᠠᠶᠢᠬᠤ ᠪᠠᠶᠢᠯ᠎ᠠ᠃ ᠬᠠᠭᠠᠨ ᠪᠠᠩᠬᠢ ᠪᠠᠶᠠᠷᠲᠠᠢ 》 ᠭᠡᠬᠦ ᠰᠢᠭᠦᠮᠵᠢᠯᠡᠯ ᠥᠩᠭᠡᠷᠡᠭᠰᠡᠨ ᠪᠠᠰᠠᠩ ᠭᠠᠷᠠᠭ︵2018.11.30︶ ᠠᠴᠠ ᠨᠡᠶᠢᠭᠡᠮ ᠤᠨ ᠰᠦᠯᠵᠢᠶᠡᠨ ᠳᠦ ᠡᠷᠴᠢ ᠠᠪᠤᠭᠠᠳ ᠪᠤᠢ ᠶᠤᠮ᠃
ᠡᠨᠡ ᠲᠠᠯ᠎ᠠ ᠪᠠᠷ ᠬᠠᠭᠠᠨ ᠪᠠᠩᠬᠢᠨ ᠤ ᠣᠯᠠᠨ ᠨᠡᠶᠢᠲᠡ ᠲᠡᠢ ᠬᠠᠷᠢᠯᠴᠠᠬᠤ ᠭᠠᠵᠠᠷ ᠤᠨ ᠠᠬᠠᠯᠠᠬᠤ ᠮᠡᠷᠭᠡᠵᠢᠯᠲᠡᠨ ᠭ∙ᠣᠶᠤᠨᠭᠡᠷᠡᠯ ᠡᠴᠡ ᠲᠣᠳᠣᠷᠠᠭᠤᠯᠤᠯ᠎ᠠ᠃
– ᠥᠩᠭᠡᠷᠡᠭᠴᠢ ᠠᠮᠠᠷᠠᠯᠲᠠ ᠶᠢᠨ ᠡᠳᠦᠷ ᠦᠳ ᠲᠦ ᠳᠠᠩᠰᠠ ᠬᠥᠲᠥᠯᠦᠭᠰᠡᠨ ᠦ ᠬᠤᠷᠢᠶᠠᠮᠵᠢ 200 ᠲᠥᠭᠥᠷᠢᠭ ᠲᠠᠲᠠᠭᠰᠠᠨ ᠭᠡᠳ ᠲᠠᠨ ᠤ ᠬᠡᠷᠡᠭᠯᠡᠭᠴᠢᠳ ᠨᠡᠯᠢᠶᠡᠳ ᠪᠤᠬᠢᠨᠢᠳᠤᠯᠠ ᠃ ᠡᠨᠡ ᠰᠢᠨ᠎ᠡ ᠪᠡᠷ ᠠᠪᠤᠭᠰᠠᠨ ᠬᠤᠷᠢᠶᠠᠮᠵᠢ ᠤᠤ ︖ ᠪᠦᠬᠦ ᠬᠡᠷᠡᠭᠯᠡᠭᠴᠢ ᠡᠴᠡ ᠪᠡᠨ ᠠᠪᠤᠭᠰᠠᠨ ᠤᠤ ︖
-ᠡᠨᠡ 200 ᠲᠥᠭᠥᠷᠢᠭ ᠨᠢ ᠢᠳᠡᠪᠬᠢᠲᠡᠢ ᠲᠥᠯᠥᠪ ᠲᠦ ᠪᠠᠶᠢᠭ᠎ᠠ ᠬᠠᠷᠢᠯᠴᠠᠬᠤ ᠳᠠᠩᠰᠠᠨ ᠠᠴᠠ ᠰᠠᠷ᠎ᠠ ᠳᠤ ᠨᠢᠭᠡ ᠤᠳᠠᠭ᠎ᠠ ᠠᠪᠳᠠᠭ᠂ ᠳᠠᠩᠰᠠ ᠬᠥᠲᠥᠯᠦᠭᠰᠡᠨ ᠦ ᠬᠤᠷᠢᠶᠠᠮᠵᠢ ᠶᠤᠮ᠃ ᠬᠠᠷᠢᠯᠴᠠᠬᠤ ᠳᠠᠩᠰᠠ ᠲᠠᠢ ᠢᠷᠭᠡᠳ ᠡᠴᠡ ᠰᠠᠷ᠎ᠠ ᠶᠢᠨ ᠡᠴᠦᠰ ᠲᠦ ᠲᠤᠬᠠᠢ ᠶᠢᠨ ᠳᠠᠩᠰᠠᠨ ᠠᠴᠠ ᠨᠢ ᠰᠠᠭᠤᠳᠬᠠᠵᠤ ᠠᠪᠳᠠᠭ ᠭᠡᠰᠡᠨ ᠦᠭᠡ᠃ ᠥᠩᠭᠡᠷᠡᠭᠴᠢ ᠪᠠᠰᠠᠩ ᠭᠠᠷᠠᠭ ᠲᠤ ᠪᠤᠶᠤ ᠠᠷᠪᠠᠨ ᠨᠢᠭᠡᠳᠦᠭᠡᠷ ᠰᠠᠷ᠎ᠠ ᠶᠢᠨ 30 ᠍ ᠳᠦ ᠮᠠᠨ ᠤ ᠬᠢ ᠡᠨᠡ ᠬᠤᠷᠢᠶᠠᠮᠵᠢ ᠪᠠᠨ ᠠᠪᠬᠤ ᠳᠤ ᠭᠦᠢᠯᠭᠡᠭᠡᠨ ᠦ ᠤᠳᠬ᠎ᠠ ᠪᠤᠶᠤ ︽ᠳᠠᠩᠰᠠ ᠬᠥᠲᠥᠯᠦᠭᠰᠡᠨ ᠦ ᠬᠤᠷᠢᠶᠠᠮᠵᠢ︾ ᠭᠡᠰᠡᠨ ᠲᠠᠶᠢᠯᠪᠤᠷᠢ ᠪᠠᠨ ᠪᠢᠴᠢᠯ ᠦᠭᠡᠢ ᠣᠷᠬᠢᠭᠳᠠᠭᠤᠯᠤᠭᠰᠠᠨ᠃ ᠡᠨᠡ ᠨᠢ ᠮᠠᠨ ᠤ ᠪᠠᠶᠢᠭᠤᠯᠤᠯᠭ᠎ᠠ ᠶᠢᠨ ᠪᠤᠷᠤᠭᠤ ᠤᠴᠢᠷ ᠠᠴᠠ ᠰᠡᠭᠦᠯ ᠦᠨ ᠭᠦᠢᠯᠭᠡᠭᠡ ᠴᠧᠰᠧ ᠳᠡᠭᠡᠷ᠎ᠡ ᠬᠠᠷᠠᠭᠳᠠᠯ ᠦᠭᠡᠢ ᠬᠠᠷᠢᠯᠴᠠᠭᠴᠢᠳ ᠲᠤ ᠣᠶᠢᠯᠠᠭᠠᠮᠵᠢ ᠦᠭᠡᠢ ᠪᠠᠶᠢᠳᠠᠯ ᠡᠭᠦᠰᠴᠦ᠂ ᠪᠤᠬᠢᠨᠢᠳᠤᠭᠤᠯᠤᠭᠰᠠᠨ ᠳᠦ ᠪᠡᠨ ᠠᠯᠪᠠᠨ ᠶᠣᠰᠣᠭᠠᠷ ᠠᠭᠤᠴᠢᠯᠠᠯ ᠬᠦᠰᠡᠵᠦ ᠪᠠᠶᠢᠨ᠎ᠠ᠃ ᠪᠠᠩᠬᠢᠨ ᠤ ᠵᠦᠭ ᠡᠴᠡ ᠠᠯᠳᠠᠭ᠎ᠠ ᠪᠠᠨ ᠵᠠᠯᠠᠷᠠᠭᠤᠯᠵᠤ ᠠᠷᠪᠠᠨ ᠬᠣᠶᠠᠳᠤᠭᠠᠷ ᠰᠠᠷ᠎ᠠ ᠶᠢᠨ 1 ᠍ ᠳᠦ ᠰᠢᠯᠵᠢᠬᠦ ᠰᠥᠨᠢ ᠭᠦᠢᠯᠭᠡᠭᠡᠨ ᠦ ᠲᠠᠶᠢᠯᠪᠤᠷᠢ ᠶᠢ ᠣᠷᠣᠭᠤᠯᠤᠭᠰᠠᠨ ᠪᠠᠶᠢᠭ᠎ᠠ᠃
– ᠳᠠᠩᠰᠠ ᠬᠥᠲᠥᠯᠦᠭᠰᠡᠨ ᠦ ᠬᠤᠷᠢᠶᠠᠮᠵᠢ ᠳᠤ ᠰᠠᠭᠤᠳᠬᠠᠭᠰᠠᠨ ᠮᠥᠩᠭᠥ ᠶᠢ ᠶᠠᠭᠤᠨ ᠳᠤ ᠵᠠᠷᠤᠴᠠᠭᠤᠯᠳᠠᠭ ᠪᠤᠢ ︖
– ᠳᠠᠩᠰᠠ ᠬᠥᠲᠥᠯᠦᠭᠰᠡᠨ ᠦ ᠬᠤᠷᠢᠶᠠᠮᠵᠢ ᠨᠢ ᠪᠠᠩᠬᠢᠨ ᠤ ᠦᠢᠯᠡᠴᠢᠯᠡᠭᠡᠨ ᠳᠦ ᠪᠠᠶᠢᠳᠠᠭ ᠵᠢᠱᠢᠭ ᠬᠤᠷᠢᠶᠠᠮᠵᠢ᠃ ᠭᠠᠭᠴᠠᠬᠠᠨ ᠮᠠᠨ ᠤ ᠪᠠᠩᠬᠢ ᠠᠪᠳᠠᠭ ᠦᠭᠡᠢ᠃ ᠬᠦᠮᠦᠰ ᠪᠠᠰᠠ ᠠᠰᠠᠭᠤᠭᠰᠠᠨ ᠪᠠᠶᠢᠭᠰᠠᠨ᠂ ᠢᠳᠡᠪᠬᠢᠲᠡᠢ ᠳᠠᠩᠰᠠᠨ ᠠᠴᠠ ᠠᠪᠤᠨ᠎ᠠ ᠭᠡᠵᠦ ᠶᠠᠭᠤ ᠭᠡᠰᠡᠨ ᠦᠭᠡ ᠪᠤᠢ ᠭᠡᠳ᠃ ᠲᠤᠬᠠᠢ ᠶᠢᠨ ᠬᠠᠷᠢᠯᠴᠠᠬᠤ ᠳᠠᠩᠰᠠ ᠪᠠᠨ ᠠᠰᠢᠭᠯᠠᠭᠠᠳ ᠶᠠᠪᠤᠵᠤ ᠪᠠᠶᠢᠭ᠎ᠠ ᠪᠣᠯ ᠢᠳᠡᠪᠬᠢᠲᠡᠢ ᠳᠦ ᠲᠣᠭᠠᠴᠠᠭᠳᠠᠨ᠎ᠠ᠃ ᠬᠠᠷᠢᠨ ᠲᠤᠬᠠᠢ ᠶᠢᠨ ᠳᠠᠩᠰᠠ ᠨᠢ ᠦᠯᠡᠳᠡᠭᠳᠡᠯ ᠦᠭᠡᠢ᠂ ᠬᠡᠷᠡᠭᠯᠡᠬᠦ ᠦᠭᠡᠢ 24 ᠰᠠᠷ᠎ᠠ ᠪᠣᠯᠤᠭᠰᠠᠨ ᠪᠣᠯ ᠢᠳᠡᠪᠬᠢ ᠦᠭᠡᠢ ᠲᠥᠯᠥᠪ ᠲᠦ ᠰᠢᠯᠵᠢᠭᠦᠯᠳᠡᠭ᠃ ᠶᠠᠭᠠᠬᠢᠭᠠᠳ ᠬᠤᠷᠢᠶᠠᠮᠵᠢ ᠠᠪᠳᠠᠭ ᠪᠤᠢ ᠭᠡᠰᠡᠨ ᠠᠰᠠᠭᠤᠯᠲᠠ ᠭᠠᠷᠳᠠᠭ᠃ ᠡᠨᠡ ᠣᠯᠠᠨ ᠬᠠᠷᠢᠯᠴᠠᠭᠴᠢ ᠶᠢᠨ ᠳᠠᠩᠰᠠ ᠶᠢ ᠬᠥᠲᠥᠯᠬᠦ ᠶᠢᠨ ᠲᠤᠯᠠᠳᠠ ᠲᠣᠮᠣᠬᠠᠨ ᠬᠡᠮᠵᠢᠶᠡᠨ ᠦ ᠫᠷᠤᠭ᠍ᠷᠡᠮ ᠬᠠᠩᠭᠠᠮᠵᠢ ᠶᠢ ᠭᠠᠳᠠᠨ᠎ᠠ ᠠᠴᠠ ᠬᠤᠳᠠᠯᠳᠤᠵᠤ ᠠᠪᠤᠨ᠎ᠠ᠂ ᠠᠰᠢᠭᠯᠠᠯᠲᠠ ᠶᠢᠨ ᠵᠠᠷᠤᠳᠠᠯ ᠰᠠᠷ᠎ᠠ ᠪᠦᠷᠢ ᠲᠥᠯᠦᠨ᠎ᠡ᠂ ᠬᠦᠮᠦᠨ ᠬᠦᠴᠦ᠂ ᠰᠧᠷᠸᠧᠷ᠂ ᠲᠣᠭᠠᠴᠠᠭᠠᠨ ᠤ ᠲᠥᠪ ᠠᠵᠢᠯᠯᠠᠭᠤᠯᠤᠨ᠎ᠠ ᠭᠡᠳ ᠨᠢᠳᠦᠨ ᠳᠦ ᠢᠯᠡ ᠬᠠᠷᠠᠭᠳᠠᠬᠤ ᠦᠭᠡᠢ ᠵᠥᠩᠳᠡᠭᠡᠨ ᠵᠠᠷᠤᠳᠠᠯ ᠭᠠᠷᠳᠠᠭ ᠯᠠ ᠳ᠋ᠠ᠃ ᠨᠢᠭᠡᠨᠲᠡ ᠪᠢᠳᠡ ᠠᠵᠢᠯ ᠬᠢᠵᠦ ᠪᠠᠶᠢᠭ᠎ᠠ ᠲᠤᠯᠠ ᠡᠨᠡ ᠵᠠᠷᠤᠳᠠᠯ ᠢᠶᠠᠨ ᠨᠥᠬᠥᠬᠥ ᠬᠡᠷᠡᠭᠲᠡᠢ ᠪᠣᠯᠤᠨ᠎ᠠ᠃