ᠠᠷᠠᠳᠴᠢᠯᠠᠭᠰᠠᠨ ᠨᠠᠮ ᠤᠨ ᠦᠨᠳᠦᠰᠦᠨ ᠦ ᠳᠦᠷᠢᠮ ᠦᠨ ᠬᠣᠷᠢᠶ᠎ᠠ ᠥᠨᠥᠳᠥᠷ ᠬᠤᠷᠠᠯᠳᠤᠨ ᠲᠤᠰ ᠨᠠᠮ ᠠᠴᠠ ᠤᠯᠤᠰ ᠤᠨ ᠶᠡᠬᠡ ᠬᠤᠷᠠᠯ ᠳᠦ ᠰᠣᠩᠭᠣᠭᠳᠠᠭᠰᠠᠨ ᠭᠡᠰᠢᠭᠦᠨ ᠯ∙ᠪᠣᠯᠣᠳ᠂ ᠵ∙ᠪᠠᠲᠤᠽᠠᠨᠳᠠᠨ᠂ ᠳ∙ᠮᠤᠷᠠᠲ ᠨᠠᠷ ᠲᠠᠢ ᠬᠤᠯᠪᠤᠭ᠎ᠠ ᠲᠠᠢ ᠰᠢᠢᠳᠪᠦᠷᠢ ᠭᠠᠷᠭᠠᠭᠰᠠᠨ ᠢᠶᠠᠨ ᠵᠠᠷᠯᠠᠭᠰᠠᠨ᠃ ᠲᠤᠰ ᠰᠢᠢᠳᠪᠦᠷᠢ ᠪᠡᠷ ᠵ∙ᠪᠠᠲᠤᠽᠠᠨᠳᠠᠨ ᠢ ᠨᠠᠮ ᠠᠴᠠ ᠬᠥᠭᠡᠭᠡᠵᠦ᠂ ᠯ∙ ᠪᠣᠯᠣᠳ᠂ ᠳ∙ᠮᠤᠷᠠᠲ ᠨᠠᠷ ᠤᠨ ᠰᠣᠩᠭᠣᠭᠤᠯᠢ ᠳᠤ ᠦᠷᠢᠰᠦᠯᠳᠦᠬᠦ ᠡᠷᠬᠡ ᠶᠢ ᠳᠥᠷᠪᠡᠨ ᠵᠢᠯ ᠢᠶᠡᠷ ᠬᠠᠰᠤᠭᠰᠠᠨ᠃ ᠨᠠᠮ ᠠᠴᠠ ᠪᠠᠨ ᠤᠯᠤᠰ ᠲᠥᠷᠥ ᠶᠢᠨ ᠰᠢᠢᠳᠭᠡᠯ ᠰᠣᠨᠣᠰᠤᠭᠰᠠᠨ ᠭᠡᠰᠢᠭᠦᠳ ᠥᠨᠥᠳᠥᠷ ︵12.03︶ ᠦᠳᠡ ᠡᠴᠡ ᠬᠣᠶᠢᠰᠢ ᠮᠡᠳᠡᠭᠡᠯᠡᠯ ᠬᠢᠯ᠎ᠡ᠃
ᠵ ᠂ ᠪᠠᠲᠤᠽᠠᠨᠳᠠᠨ᠄ ᠤᠯᠤᠰ ᠲᠥᠷᠥ ᠬᠠᠯᠠᠭᠤᠨ ᠪᠠᠶᠢᠨ᠎ᠠ᠃ ᠣᠷᠳᠣᠨ ᠳᠣᠲᠣᠷ᠎ᠠ ᠤᠯᠤᠰ ᠲᠥᠷᠥ ᠶᠢᠨ ᠲᠡᠮᠡᠴᠡᠯ ᠥᠷᠨᠢᠵᠦ ᠪᠠᠶᠢᠨ᠎ᠠ᠃ ᠡᠨᠡ ᠲᠡᠮᠡᠴᠡᠯ ᠨᠢ ᠮᠣᠩᠭᠣᠯ ᠤᠨ ᠲᠡᠦᠬᠡ ᠶᠢᠨ ᠡᠷᠭᠢᠯᠲᠡ ᠶᠢᠨ ᠣᠨᠴᠠᠭᠠᠢ ᠴᠢᠬᠤᠯᠠ ᠦᠢᠯᠡ ᠶᠠᠪᠤᠳᠠᠯ ᠭᠡᠵᠦ ᠬᠠᠷᠠᠵᠤ ᠪᠠᠶᠢᠨ᠎ᠠ᠃ ᠥᠩᠭᠡᠷᠡᠭᠰᠡᠨ ᠪᠠᠰᠠᠩ ᠭᠠᠷᠠᠭ ᠲᠤ 30 ᠭᠡᠷ ᠪᠦᠯᠢ ᠢᠯᠠᠬᠤ ᠤᠤ᠂ 3 ᠰᠠᠶ᠎ᠠ ᠮᠣᠩᠭᠣᠯ ᠢᠯᠠᠬᠤ ᠤᠤ ᠭᠡᠳᠡᠭ ᠲᠡᠮᠡᠴᠡᠯ ᠪᠣᠯᠤᠭᠰᠠᠨ᠃ ᠮᠤᠩᠭᠤᠯ ᠠᠷᠠᠳ ᠤᠨ ᠨᠠᠮ ᠍ ᠤᠨ ᠪᠦᠯᠦᠭ ᠦᠨ ᠬᠤᠪᠢᠶᠠᠭᠳᠠᠯ ᠰᠢᠭ᠋ ᠠᠷᠠᠳᠴᠢᠯᠠᠭᠰᠠᠨ ᠨᠠᠮ ᠍ ᠤᠨ ᠪᠦᠯᠦᠭ ᠬᠣᠶᠠᠷ ᠬᠤᠪᠢᠶᠠᠭᠳᠠᠭᠰᠠᠨ᠃
ᠡᠬᠡ ᠣᠷᠣᠨᠴᠢᠳ ᠤᠨ ᠢᠶᠠᠨ ᠲᠠᠯ᠎ᠠ ᠳᠤ᠂ ᠰᠢᠳᠤᠷᠭᠤ ᠪᠤᠰᠤ ᠬᠣᠩᠭᠢᠯ ᠢ ᠪᠤᠢ ᠪᠣᠯᠭᠠᠭᠰᠠᠨ ᠬᠦᠮᠦᠰ ᠦᠨ ᠡᠰᠡᠷᠭᠦ᠂ ︽ᠮᠠᠨᠠᠨ︾ ᠣ ᠡᠰᠡᠷᠭᠦ ᠠᠷᠠᠳᠴᠢᠯᠠᠭᠰᠠᠨ ᠨᠠᠮ ᠍ ᠠᠴᠠ ᠭᠤᠷᠪᠠᠨ ᠭᠡᠰᠢᠭᠦᠨ ᠵᠠᠰᠠᠭ ᠢ ᠤᠨᠠᠭᠠᠬᠤ ᠦᠭᠡᠢ ᠭᠡᠵᠦ ᠰᠠᠨᠠᠯ ᠥᠭᠭᠦᠭᠰᠡᠨ᠃ ᠲᠡᠭᠡᠪᠡᠯ ᠥᠨᠥᠳᠥᠷ ᠠᠷᠠᠳᠴᠢᠯᠠᠭᠰᠠᠨ ᠨᠠᠮ ᠍ ᠤᠨ ᠳᠠᠷᠤᠭ᠎ᠠ ᠭᠤᠷᠪᠠᠨ ᠭᠡᠰᠢᠭᠦᠨ ᠳᠦ ᠪᠡᠨ ᠬᠠᠷᠢᠭᠤᠴᠠᠯᠭ᠎ᠠ ᠲᠣᠭᠠᠴᠠᠭᠰᠠᠨ ᠭᠡᠵᠦ ᠮᠡᠳᠡᠭᠳᠡᠯ ᠬᠢᠯ᠎ᠡ᠃ ᠨᠠᠮ ᠤᠨ ᠪᠦᠯᠦᠭ ᠦᠨ ᠳᠡᠭᠡᠷᠡᠬᠢ ᠰᠢᠢᠳᠪᠦᠷᠢ ᠶᠢ ᠪᠢ ᠣᠶᠢᠯᠠᠭᠠᠬᠤ ᠦᠭᠡᠢ ᠪᠠᠶᠢᠭ᠎ᠠ᠃ ᠨᠠᠮ ᠠᠴᠠ ᠪᠠᠨ ᠬᠥᠭᠡᠭᠡᠭᠳᠡᠯᠡ ᠂ ᠭᠡᠬᠦ ᠳᠦ ᠪᠡᠨ ᠮᠣᠩᠭᠣᠯ ᠠᠴᠠ ᠪᠠᠨ ᠬᠥᠭᠡᠭᠡᠭᠳᠡᠭᠡ ᠦᠭᠡᠢ ᠳᠦ ᠪᠡᠨ ᠪᠢ ᠪᠠᠶᠠᠷᠯᠠᠵᠤ ᠪᠠᠶᠢᠨ᠎ᠠ᠃ ᠲᠤᠩ ᠤᠳᠠᠬᠤ ᠦᠭᠡᠢ ︽ᠮᠠᠨᠠᠨ︾ ᠤ ᠲᠣᠯᠣᠭᠠᠶᠢᠯᠠᠭᠴᠢ ᠤᠯᠤᠰ ᠤᠨ ᠶᠡᠬᠡ ᠬᠤᠷᠠᠯ ᠤᠨ ᠳᠠᠷᠤᠭ᠎ᠠ ᠮ∙ᠡᠩᠬᠡᠪᠣᠯᠤᠳ ᠢ ᠤᠭᠴᠠᠷᠠᠭᠤᠯᠤᠨ᠎ᠠ᠃ 40 ᠭᠡᠰᠢᠭᠦᠨ ᠦ ᠪᠣᠢᠺᠣᠲ ᠦᠷᠭᠦᠯᠵᠢᠯᠡᠨ᠎ᠡ᠃ ᠰ∙ᠡᠷᠳᠡᠨᠢ᠂ ᠳ∙ᠡᠷᠳᠡᠨᠢᠪᠠᠲᠤ ᠶᠢ ᠠᠷᠠᠳᠴᠢᠯᠠᠭᠰᠠᠨ ᠨᠠᠮ ᠤᠨ ᠤᠳᠤᠷᠢᠳᠤᠯᠭ᠎ᠠ ᠠᠴᠠ ᠨᠢ ᠵᠠᠶᠢᠯᠠᠭᠤᠯᠬᠤ ᠠᠵᠢᠯ ᠣᠷᠣᠨ ᠳᠠᠶᠠᠭᠠᠷ ᠡᠬᠢᠯᠡᠨ᠎ᠡ᠃ ᠠᠷᠠᠳᠴᠢᠯᠠᠭᠰᠠᠨ ᠨᠠᠮ ᠢ ᠰᠢᠨᠡᠴᠢᠯᠡᠭᠰᠡᠨ ᠭᠡᠵᠦ ᠰ∙ᠡᠷᠳᠡᠨᠢ ᠬᠠᠭᠤᠷᠮᠠᠭ ᠪᠠᠭ ᠵᠡᠭᠦᠭᠰᠡᠨ ᠪᠠᠶᠢᠨ᠎ᠠ᠃ ᠪᠢ ᠠᠷᠠᠳᠴᠢᠯᠠᠯ ᠤᠨ ᠲᠥᠯᠥᠭᠡ ᠵᠢᠳᠬᠦᠭᠰᠡᠨ᠃ ᠬᠠᠷᠠᠮᠰᠠᠯᠲᠠᠢ ᠨᠢ᠂ ᠪᠢ ᠪᠤᠷᠤᠭᠤ ᠵᠦᠢᠯ ᠤᠷᠤᠭᠤ ᠵᠢᠳᠬᠦᠭᠰᠡᠨ ᠭᠡᠳᠡᠭ ᠢᠶᠡᠨ ᠣᠶᠢᠯᠠᠭᠠᠯ᠎ᠠ᠃ ᠪᠢ ᠠᠷᠠᠳᠴᠢᠯᠠᠭᠰᠠᠨ ᠨᠠᠮ ᠍ ᠤᠨ ᠢᠶᠠᠨ ᠮᠢᠩᠭ᠎ᠠ ᠮᠢᠩᠭᠠᠨ ᠭᠡᠰᠢᠭᠦᠳ ᠲᠡᠢ ᠬᠠᠮᠲᠤ ᠪᠠᠶᠢᠬᠤ ᠪᠣᠯᠤᠨ᠎ᠠ᠃ ᠥᠨᠥᠳᠥᠷ ᠡᠴᠡ ᠨᠠᠮ ᠤᠨ ᠢᠶᠠᠨ ᠰᠢᠨᠡᠴᠢᠯᠡᠯ ᠢ ᠡᠬᠢᠯᠡᠭᠦᠯᠦᠨ᠎ᠡ᠃
ᠯ᠂ ᠪᠤᠯᠤᠳ᠄ ᠥᠩᠭᠡᠷᠡᠭᠰᠡᠨ ᠪᠠᠰᠠᠩ ᠭᠠᠷᠠᠭ ᠲᠤ ᠮᠣᠩᠭᠣᠯ ᠤᠯᠤᠰ ᠲᠤ ᠡᠷᠬᠡ ᠴᠢᠯᠦᠭᠡᠨ ᠦ ᠬᠤᠪᠢᠰᠬᠠᠯ ᠪᠣᠯᠤᠭᠰᠠᠨ᠃ ᠵᠠᠰᠠᠭ ᠤᠨ ᠭᠠᠵᠠᠷ ᠢ ᠤᠭᠴᠠᠷᠠᠭᠤᠯᠬᠤ ᠠᠰᠠᠭᠤᠳᠠᠯ ︽ᠮᠠᠨᠠᠨ︾ ᠣ ᠲᠣᠭᠲᠠᠯᠴᠠᠭᠠᠨ ᠤ ᠳᠣᠲᠣᠭᠠᠳᠤ ᠬᠠᠭᠠᠷᠠᠯ᠂ ᠪᠦᠯᠦᠭᠯᠡᠯ ᠦᠨ ᠳᠣᠲᠣᠭᠠᠳᠤ ᠲᠡᠮᠡᠴᠡᠯ᠃ ᠡᠭᠦᠨ ᠳᠦ ᠠᠷᠠᠳᠴᠢᠯᠠᠭᠰᠠᠨ ᠨᠠᠮ ᠶᠠᠮᠠᠷ ᠴᠤ ᠬᠠᠮᠢᠶ᠎ᠠ ᠦᠭᠡᠢ᠃ ᠪᠢ ᠥᠨᠥᠳᠥᠷ ᠦᠨ ᠰᠢᠢᠳᠪᠦᠷᠢ ᠶᠢ ᠬᠠᠷᠠᠭᠠᠳ ᠭᠤᠲᠤᠷᠠᠵᠤ ᠪᠠᠶᠢᠨ᠎ᠠ᠃ ᠠᠷᠠᠳᠴᠢᠯᠠᠭᠰᠠᠨ ᠨᠠᠮ ᠠᠷᠠᠳᠴᠢᠯᠠᠭᠰᠠᠨ ᠪᠢᠰᠢ ᠺᠤᠮᠮᠤᠨᠢᠰᠲ ᠨᠠᠮ ᠪᠣᠯᠵᠠᠢ᠃ ᠡᠨᠡ ᠨᠠᠮ ᠮᠣᠩᠭᠣᠯ ᠤᠯᠤᠰ ᠢ ᠲᠣᠨᠣᠵᠤ ᠪᠠᠶᠢᠭ᠎ᠠ ︽ᠮᠠᠨᠠᠨ︾ ᠣ ᠬᠠᠯᠠᠭᠠᠰᠤᠨ ᠤ ᠨᠠᠮ ᠪᠣᠯᠤᠭᠰᠠᠨ ᠭᠤᠲᠤᠮᠰᠢᠭ ᠢ ᠪᠢ ᠬᠠᠷᠠᠯ᠎ᠠ᠃ ᠪᠢᠳᠡ ᠬᠣᠶᠠᠷ ᠠᠷᠠᠳ ᠲᠦᠮᠡᠨ ᠦ ᠪᠡᠨ ᠲᠥᠯᠥᠭᠡ ᠰᠠᠨᠠᠯ ᠢᠶᠠᠨ ᠥᠭᠭᠦᠭᠰᠡᠨ᠃ ᠠᠷᠠᠳᠴᠢᠯᠠᠭᠰᠠᠨ ᠨᠠᠮ ᠪᠦᠯᠦᠭ ᠲᠡᠢ ᠪᠠᠶᠢᠬᠤ ᠶᠢᠨ ᠲᠤᠯᠠᠳᠠ ᠵ∙ᠪᠠᠲᠤᠽᠠᠨᠳᠠᠨ ᠢ ᠬᠥᠭᠡᠭᠡᠵᠦ᠂ ᠨᠠᠮᠠᠶᠢ ᠦᠯᠡᠳᠡᠭᠡᠵᠦ ᠳᠣᠷᠣᠮᠵᠢᠯᠠᠯᠠ᠃ ᠪᠢ ᠠᠷᠠᠳᠴᠢᠯᠠᠭᠰᠠᠨ ᠨᠠᠮ᠍ ᠤᠨ ᠪᠦᠯᠦᠭ ᠡᠴᠡ ᠭᠠᠷᠤᠨ᠎ᠠ ᠭᠡᠳᠡᠭ ᠢᠶᠡᠨ ᠮᠡᠳᠡᠭᠳᠡᠵᠦ ᠪᠠᠶᠢᠨ᠎ᠠ᠃ ᠪᠢ ᠨᠠᠮ ᠢᠶᠠᠨ ᠰᠢᠨᠡᠳᠭᠡᠬᠦ ᠬᠥᠳᠡᠯᠭᠡᠭᠡᠨ ᠳᠦ ᠭᠠᠷ ᠪᠡᠶ᠎ᠡ ᠤᠷᠤᠯᠴᠠᠬᠤ ᠪᠣᠯᠤᠨ᠎ᠠ ᠭᠡᠯᠡ᠃