ᠤᠯᠤᠰ ᠤᠨ ᠶᠡᠬᠡ ᠬᠤᠷᠠᠯ᠂ ᠵᠠᠰᠠᠭ ᠤᠨ ᠭᠠᠵᠠᠷ ᠠᠴᠠ ᠭᠠᠷᠭᠠᠭᠰᠠᠨ ᠰᠢᠢᠳᠪᠦᠷᠢ ᠶᠢᠨ ᠳᠠᠭᠠᠤ 《ᠡᠷᠳᠡᠨᠢᠰ-ᠲᠠᠪᠤᠨᠲᠣᠯᠣᠭᠠᠢ》 ᠺᠤᠮᠫᠠᠨᠢ ᠶᠢᠨ ᠬᠤᠪᠢᠴᠠᠭᠠᠨ ᠤ 30 ᠬᠦᠷᠲᠡᠯᠡᠬᠢ ᠬᠤᠪᠢ ᠶᠢ ᠭᠠᠳᠠᠭᠠᠳᠤ ᠳᠣᠲᠣᠭᠠᠳᠤ ᠶᠢᠨ ᠬᠥᠷᠥᠩᠭᠡ ᠶᠢᠨ ᠪᠢᠷᠵᠢ ᠪᠡᠷ ᠠᠷᠠᠯᠵᠢᠶᠠᠯᠠᠬᠤ ᠪᠠᠷ ᠪᠡᠯᠡᠳᠬᠡᠵᠦ ᠪᠤᠢ ᠪᠢᠯᠡ᠃ ᠤᠭ ᠠᠵᠢᠯ ᠤᠨ ᠬᠦᠷᠢᠶᠡᠨ ᠳᠦ ᠯᠣᠨᠳᠣᠨ ᠬᠤᠲᠠ ᠳᠤ ᠵᠣᠬᠢᠶᠠᠨ ᠪᠠᠶᠢᠭᠤᠯᠤᠭᠳᠠᠵᠤ ᠪᠤᠢ ᠣᠯᠠᠨ ᠤᠯᠤᠰ ᠤᠨ ᠠᠭᠤᠯᠠ ᠠᠭᠤᠷᠬᠠᠢ᠂ ᠬᠥᠷᠥᠩᠭᠡ ᠣᠷᠣᠭᠤᠯᠤᠭᠴᠢᠳ ᠤᠨ ᠴᠢᠭᠤᠯᠭ᠎ᠠ ᠠᠭᠤᠯᠵᠠᠯᠲᠠ ᠪᠣᠯᠬᠤ Minex Eurasia ᠍ ᠳᠦ 《ᠡᠷᠳᠡᠨᠢᠰ-ᠲᠠᠪᠤᠨᠲᠣᠯᠣᠭᠠᠢ》 ᠺᠤᠮᠫᠠᠨᠢ ᠶᠢᠨ ᠰᠲᠷᠠᠲ᠋ᠧᠭᠢ ᠬᠥᠭᠵᠢᠯ ᠦᠨ ᠭᠠᠵᠠᠷ ᠬᠠᠷᠢᠭᠤᠴᠠᠭᠰᠠᠨ ᠳᠡᠳ᠋ ᠵᠠᠬᠢᠷᠤᠯ ᠲ∙ᠴᠣᠭᠲᠤᠪᠠᠶᠠᠷ ᠨᠠᠷ ᠣᠷᠣᠯᠴᠠᠵᠤ ᠪᠤᠢ ᠶᠤᠮ᠃
ᠴᠢᠭᠤᠯᠭ᠎ᠠ ᠠᠭᠤᠯᠵᠠᠯᠲᠠ ᠳᠤ ᠲᠠᠪᠤᠨᠲᠣᠯᠣᠭᠠᠢ ᠶᠢᠨ ᠣᠷᠳᠣ᠂ ᠣᠷᠳᠣ ᠶᠢᠨ ᠦᠨ᠎ᠡ ᠴᠡᠨ᠎ᠡ ᠶᠢ ᠨᠡᠮᠡᠭᠳᠡᠭᠦᠯᠬᠦ ᠲᠥᠰᠥᠯ ᠦᠳ ᠪᠣᠯᠤᠨ 《ᠡᠷᠳᠡᠨᠢᠰ ᠲᠠᠪᠤᠨᠲᠣᠯᠣᠭᠠᠢ》 ᠺᠤᠮᠫᠠᠨᠢ ᠶᠢᠨ ᠬᠤᠪᠢᠴᠠᠭ᠎ᠠ ᠶᠢ ᠠᠷᠠᠯᠵᠢᠶᠠᠯᠠᠬᠤ ᠲᠠᠢ ᠬᠣᠯᠪᠣᠭ᠎ᠠ ᠲᠠᠢ ᠲᠠᠨᠢᠯᠴᠠᠭᠤᠯᠭ᠎ᠠ ᠢᠯᠡᠳᠬᠡᠯ ᠲᠠᠯᠪᠢᠭᠳᠠᠭᠰᠠᠨ ᠪᠠᠶᠢᠨ᠎ᠠ᠃
Minex Eurasia ᠴᠢᠭᠤᠯᠭ᠎ᠠ ᠠᠭᠤᠯᠵᠠᠯᠲᠠ ᠶᠢ ᠵᠢᠯ ᠪᠦᠷᠢ ᠠᠩᠭᠯᠢ ᠶᠢᠨ ᠭᠠᠳᠠᠭᠠᠳᠤ ᠬᠤᠳᠠᠯᠳᠤᠭᠠᠨ ᠤ ᠶᠠᠮᠤᠨ ᠵᠣᠬᠢᠶᠠᠨ ᠪᠠᠶᠢᠭᠤᠯᠳᠠᠭ᠃ ᠤᠭ ᠴᠢᠭᠤᠯᠭ᠎ᠠ ᠠᠭᠤᠯᠵᠠᠯᠲᠠ ᠳᠤ ᠵᠡᠭᠦᠨ ᠪᠣᠯᠤᠨ ᠲᠥᠪ ᠧᠦ᠋ᠷᠣᠫᠠ᠂ ᠣᠷᠣᠰ ᠬᠣᠯᠪᠣᠭᠠᠨ ᠤ ᠤᠯᠤᠰ᠂ ᠲᠥᠪ ᠠᠽᠢᠶ᠎ᠠ᠂ ᠺᠠᠦᠺᠠᠰ᠂ ᠮᠣᠩᠭᠣᠯ ᠵᠡᠷᠭᠡ10 ᠭᠠᠷᠤᠢ ᠤᠯᠤᠰ ᠤᠨ ᠬᠥᠷᠥᠩᠭᠡ ᠣᠷᠣᠭᠤᠯᠤᠭᠴᠢᠳ ᠣᠷᠣᠯᠴᠠᠵᠤ ᠪᠠᠶᠢᠭ᠎ᠠ ᠠᠵᠠᠢ ᠃ ᠬᠤᠷᠠᠯᠳᠤᠭᠠᠨ ᠤ ᠦᠶ᠎ᠡ ᠪᠡᠷ ᠯᠤᠨᠳᠤᠨ ᠤ ᠬᠥᠷᠥᠩᠭᠡ ᠶᠢᠨ ᠪᠢᠷᠵᠢ᠂ Credit Suisse᠂ Samruk-Kazyna ᠬᠠᠰᠠᠺᠰᠲ᠋ᠠᠨ ᠤ ᠪᠠᠶᠠᠯᠢᠭ ᠤᠨ ᠰᠠᠩ᠂ AMED Funds ᠭᠷᠦ᠋ᠫ᠂ Visor Capital UK ᠺᠣᠮᠫᠠᠨᠢ ᠶᠢᠨ ᠲᠥᠯᠥᠭᠡᠯᠡᠯ ᠦᠳ ᠲᠡᠢ ᠠᠭᠤᠯᠵᠠᠵᠤ ᠰᠠᠨᠠᠯ ᠰᠣᠯᠢᠯᠴᠠᠭᠰᠠᠨ ᠪᠠᠶᠢᠨ᠎ᠠ᠃
ᠰᠠᠶᠢᠨ 2018-11-27 193.37.254.138
ᠰᠠᠶᠢᠨ ᠪᠠᠶᠢᠨ᠎ᠠ
ᠰᠠᠶᠢᠨ 2018-11-27 193.37.254.138
ᠰᠠᠶᠢᠨ