ᠪᠠᠷᠠᠭᠤᠨ ᠪᠥᠰᠡ ᠶᠢᠨ ᠲᠥᠪ ᠬᠣᠪᠳᠣ ᠠᠶᠢᠮᠠᠭ ᠤᠨ ᠣᠨᠴᠠᠭᠠᠢ ᠪᠠᠶᠢᠳᠠᠯ ᠤᠨ ᠭᠠᠵᠠᠷ ᠤᠨ ᠳᠠᠷᠤᠭ᠎ᠠ᠂ ᠳᠡᠳ᠋ ᠬᠤᠷᠠᠩᠳᠠ ᠪ∙ᠠᠯᠲᠠᠨᠪᠠᠳᠠᠷᠠᠯᠲᠠ ᠶᠢᠨ ᠪᠠᠲᠤᠯᠠᠭᠰᠠᠨ ᠤᠳᠤᠷᠢᠳᠤᠮᠵᠢ ᠶᠢᠨ ᠳᠠᠭᠠᠤ ᠪᠠᠷᠠᠭᠤᠨ ᠪᠥᠰᠡ ᠶᠢᠨ ᠠᠪᠤᠷᠭᠤ ᠰᠢᠯᠭᠠᠷᠠᠭᠤᠯᠬᠤ ︽ᠥᠰᠪᠦᠷᠢ ᠶᠢᠨ ᠠᠪᠤᠷᠠᠭᠴᠢ-2018 ︾ ᠲᠡᠮᠡᠴᠡᠭᠡᠨ ᠢ 11 ᠳ᠋ᠤᠭᠡᠷ ᠰᠠᠷ᠎ᠠ ᠶᠢᠨ 12 ᠍ ᠤ ᠡᠳᠦᠷ ᠬᠣᠪᠳᠣ ᠠᠶᠢᠮᠠᠭ ᠲᠤ ᠵᠣᠬᠢᠶᠠᠨ ᠪᠠᠶᠢᠭᠤᠯᠤᠯ᠎ᠠ
ᠪᠠᠷᠠᠭᠤᠨ ᠪᠥᠰᠡ ᠶᠢᠨ ᠲᠡᠮᠡᠴᠡᠭᠡᠨ ᠶᠡᠷᠦᠩᠬᠡᠢ ᠪᠣᠯᠪᠠᠰᠤᠷᠠᠯ ᠤᠨ ᠰᠤᠷᠭᠠᠭᠤᠯᠢ ᠶᠢᠨ ᠠᠬᠠᠯᠠᠬᠤ ᠠᠩᠬᠢ ᠶᠢᠨ ᠰᠤᠷᠤᠭᠴᠢᠳ ᠢ ᠠᠶᠤᠯᠲᠤ ᠦᠵᠡᠭᠳᠡᠯ᠂ ᠣᠰᠣᠯ ᠠᠴᠠ ᠤᠷᠢᠳᠴᠢᠯᠠᠨ ᠰᠡᠷᠭᠡᠶᠢᠯᠡᠬᠦ᠂ ᠠᠪᠤᠷᠠᠬᠤ᠂ ᠦᠪᠡᠷ ᠲᠦ ᠪᠣᠯᠤᠨ ᠪᠤᠰᠤᠳ ᠲᠤ ᠠᠩᠬᠠᠨ ᠤ ᠲᠤᠰᠠᠯᠠᠮᠵᠢ ᠦᠵᠡᠭᠦᠯᠬᠦ ᠳᠦ ᠰᠤᠷᠭᠠᠵᠤ ᠳᠠᠳᠤᠯᠭᠠᠵᠢᠭᠤᠯᠬᠤ᠂ ᠲᠡᠳᠡᠨ ᠦ ᠲᠡᠰᠪᠦᠷᠢ ᠬᠠᠲᠠᠭᠤᠵᠢᠯ᠂ ᠠᠪᠬᠠᠯᠵᠢ ᠰᠠᠮᠪᠠᠭ᠎ᠠ ᠶᠢ ᠰᠣᠷᠢᠬᠤ᠂ ᠬᠦᠮᠦᠯᠢᠭ ᠡᠨᠡᠷᠢᠩᠭᠦᠢ ᠢᠷᠭᠡᠨ ᠪᠣᠯᠭᠠᠨ ᠲᠥᠯᠦᠪᠰᠢᠭᠦᠯᠬᠦ ᠵᠣᠷᠢᠯᠭ᠎ᠠ ᠲᠠᠢ ᠶᠤᠮ᠃ ᠲᠡᠮᠡᠴᠡᠭᠡᠨ ᠳᠦ ᠪᠠᠶᠠᠨ-ᠥᠯᠥᠭᠡᠢ᠂ ᠭᠣᠪᠢ-ᠠᠯᠲᠠᠢ᠂ ᠬᠣᠪᠳᠣ᠂ ᠵᠠᠪᠬᠠᠨ᠂ ᠤᠪᠰᠤ ᠠᠶᠢᠮᠠᠭ ᠤᠳ ᠤᠨ 6 ᠥᠰᠪᠦᠷᠢ ᠶᠢᠨ ᠠᠪᠤᠷᠠᠭᠴᠢ ᠪᠦᠯᠦᠭ ᠦᠨ 42 ᠰᠤᠷᠤᠭᠴᠢ ᠦᠷᠢᠰᠦᠯᠳᠦᠭᠰᠡᠨ ᠡᠴᠡ ᠬᠣᠪᠳᠣ ᠠᠶᠢᠮᠠᠭ ᠤᠨ ᠴᠠᠰᠤᠲᠤ-ᠠᠯᠲᠠᠢ ᠴᠣᠭᠴᠠᠯᠠᠪᠤᠷᠢ ᠰᠤᠷᠭᠠᠭᠤᠯᠢ ᠶᠢᠨ ︽ᠣᠨᠴᠠᠭᠠᠢ ᠳᠣᠯᠣᠭ᠎ᠠ ︾ ᠪᠦᠯᠦᠭ ᠪᠤᠰᠤᠳ ᠢ ᠪᠠᠨ ᠬᠣᠰᠢᠭᠤᠴᠢᠯᠠᠨ ᠲᠡᠷᠢᠭᠦᠨ ᠪᠠᠶᠢᠷᠢᠨ ᠳᠤ ᠰᠢᠯᠭᠠᠷᠠᠵᠤ᠂ ᠤᠯᠤᠰ ᠤᠨ ᠠᠪᠤᠷᠭᠤ ᠶᠢᠨ ᠲᠡᠮᠡᠴᠡᠭᠡᠨ ᠳᠦ ᠤᠷᠤᠯᠴᠠᠬᠤ ᠡᠷᠬᠡ ᠲᠡᠢ ᠪᠣᠯᠤᠯ᠎ᠠ᠃