ᠡᠮᠦᠨᠡᠲᠦ ᠬᠢᠯᠢ ᠶᠢᠨ ᠭᠠᠰᠢᠭᠤᠨ ᠰᠤᠬᠠᠶᠢᠲᠤ ᠪᠣᠭᠣᠮᠲᠠ ᠪᠠᠷ ᠵᠢᠷ ᠦᠨ ᠦᠶ᠎ᠡ ᠳᠦ ᠡᠳᠦᠷ ᠲᠦ ᠪᠡᠨ 1300 ᠣᠷᠴᠢᠮ ᠨᠡᠭᠦᠷᠡᠰᠦᠨ ᠦ ᠮᠠᠰᠢᠨ ᠨᠡᠪᠲᠡᠷᠡᠳᠡᠭ᠃ ᠰᠡᠭᠦᠯ ᠦᠨ ᠦᠶ᠎ᠡ ᠳᠦ ᠤᠷᠳᠤ ᠬᠥᠷᠰᠢ ᠶᠢᠨ ᠬᠢᠨ ᠨᠡᠭᠦᠷᠡᠰᠦᠨ ᠦ ᠲᠠᠲᠠᠨ ᠠᠪᠤᠯᠲᠠ ᠪᠠᠨ ᠪᠠᠭᠠᠰᠬᠠᠵᠤ᠂ ᠡᠳᠦᠷ ᠲᠦ 500-600 ᠮᠠᠰᠢᠨ ᠯᠠ ᠭᠠᠷᠴᠤ ᠪᠠᠶᠢᠨ᠎ᠠ ᠭᠡᠰᠡᠨ ᠮᠡᠳᠡᠭᠡᠯᠡᠯ ᠭᠠᠷᠤᠭᠠᠳ ᠪᠤᠢ ᠶᠤᠮ᠃ ᠲᠤᠰ ᠪᠣᠭᠣᠮᠲᠠ ᠶᠢᠨ ᠠᠵᠢᠯᠲᠠᠨ ᠨᠤᠭᠤᠳ ᠤᠨ ᠬᠡᠯᠡᠭᠰᠡᠨ ᠢᠶᠡᠷ᠂ ᠥᠩᠭᠡᠷᠡᠭᠰᠡᠨ ᠳᠣᠯᠣᠭ᠎ᠠ ᠬᠣᠨᠣᠭ ᠤᠨ ᠫᠦᠷᠪᠦ ᠭᠠᠷᠠᠭ ᠲᠤ ᠬᠢᠲᠠᠳ ᠤᠨ ᠲᠠᠯ᠎ᠠ ᠨᠡᠭᠦᠷᠡᠰᠦᠨ ᠦ ᠮᠠᠰᠢᠨ ᠤ ᠲᠠᠲᠠᠨ ᠠᠪᠤᠯᠲᠠ ᠪᠠᠨ ᠵᠣᠭᠰᠣᠭᠠᠭᠰᠠᠨ ᠪᠣᠯᠪᠠᠴᠤ ᠮᠠᠷᠭᠠᠰᠢ ᠨᠢ ᠪᠤᠶᠤ ᠪᠠᠰᠠᠩ ᠭᠠᠷᠠᠭ ᠠᠴᠠ ᠬᠡᠪ ᠦᠨ ᠠᠵᠢᠯᠯᠠᠵᠤ ᠡᠬᠢᠯᠡᠵᠡᠢ᠃
ᠬᠢᠲᠠᠳ ᠤᠯᠤᠰ ᠤᠨ ᠲᠠᠯ᠎ᠠ ᠠᠴᠠ ᠬᠢᠯᠢ ᠪᠡᠨ ᠲᠦᠷ ᠬᠠᠭᠠᠭᠰᠠᠨ ᠰᠢᠯᠲᠠᠭᠠᠨ ᠢᠶᠠᠨ ︽ᠨᠡᠭᠦᠷᠡᠰᠦᠨ ᠦ ᠪᠦᠬᠦ ᠮᠠᠰᠢᠨ ᠢ ᠴᠠᠬᠢᠮ ᠮᠡᠳᠡᠷᠡᠭᠴᠢ ᠲᠡᠢ ᠪᠣᠯᠭᠠᠬᠤ ᠪᠠᠷ ᠠᠵᠢᠯᠯᠠᠵᠤ ᠪᠠᠶᠢᠭ᠎ᠠ᠃ ᠡᠨᠡ ᠠᠵᠢᠯ ᠤᠨ ᠬᠦᠷᠢᠶᠡᠨ ᠳᠦ ᠲᠠᠲᠠᠨ ᠠᠪᠤᠯᠲᠠ ᠶᠢ ᠲᠦᠷ ᠵᠣᠭᠰᠣᠭᠠᠭᠰᠠᠨ︾ ᠬᠡᠮᠡᠨ ᠲᠠᠶᠢᠯᠪᠤᠷᠢᠯᠠᠭᠰᠠᠨ ᠪᠠᠶᠢᠨ᠎ᠠ᠃ ᠭᠡᠬᠦ ᠳᠦ ᠪᠡᠨ ᠡᠨᠡ ᠨᠢ ᠬᠢᠷᠢ ᠦᠨᠳᠦᠰᠦᠯᠡᠯ ᠲᠡᠢ ᠲᠠᠶᠢᠯᠪᠤᠷᠢ ᠪᠤᠢ ᠭᠡᠳᠡᠭ ᠨᠢ ᠲᠣᠳᠣᠷᠬᠠᠢ ᠦᠭᠡᠢ ᠪᠠᠶᠢᠨ᠎ᠠ᠃ ᠰᠠᠶ᠋ᠢᠬᠠᠨ ᠭᠠᠰᠢᠭᠤᠨ ᠰᠤᠬᠠᠶᠢᠲᠤ ᠪᠣᠭᠣᠮᠲᠠ ᠳᠡᠭᠡᠷ᠎ᠡ ᠠᠮᠧᠷᠢᠺᠠ ᠶᠢᠨ ᠡᠯᠴᠢᠨ ᠰᠠᠶᠢᠳ ᠤᠨ ᠶᠠᠮᠤᠨ ᠤ ᠠᠵᠢᠯᠲᠠᠨ ᠨᠤᠭᠤᠳ ᠣᠴᠢᠵᠤ᠂ ᠪᠣᠭᠣᠮᠲᠠ ᠶᠢᠨ ᠨᠥᠬᠥᠴᠡᠯ ᠪᠠᠶᠢᠳᠠᠯ ᠲᠠᠢ ᠲᠠᠨᠢᠯᠴᠠᠵᠠᠢ᠃ ᠡᠯᠴᠢᠨ ᠰᠠᠶᠢᠳ ᠤᠨ ᠶᠠᠮᠤᠨ ᠤ ᠬᠡᠷᠡᠭ ᠢ ᠲᠦᠷ ᠬᠠᠮᠢᠶᠠᠷᠤᠭᠴᠢ ᠬᠢᠲᠠᠳ ᠲᠦ ᠨᠡᠭᠦᠷᠡᠰᠦ ᠭᠠᠷᠭᠠᠬᠤ ᠪᠠᠷ 11 ᠬᠣᠨᠣᠭ ᠬᠦᠯᠢᠶᠡᠨ ᠵᠣᠭᠰᠣᠵᠤ ᠪᠤᠢ ᠵᠢᠯᠣᠭᠣᠴᠢ ᠨᠠᠷ ᠲᠠᠢ ᠠᠭᠤᠯᠵᠠᠵᠤ ᠶᠠᠷᠢᠯᠴᠠᠭᠰᠠᠨ ᠪᠠᠶᠢᠨ᠎ᠠ᠃ ᠲᠡᠳᠡ ᠡᠨᠡ ᠠᠶᠠᠯᠠᠯ ᠤᠨ ᠢᠶᠠᠨ ᠵᠣᠷᠢᠯᠭ᠎ᠠ ᠶᠢ ᠬᠢᠯᠢ ᠶᠢᠨ ᠬᠤᠳᠠᠯᠳᠤᠭ᠎ᠠ ᠶᠢ ᠬᠥᠩᠭᠡᠪᠴᠢᠯᠡᠬᠦ ᠬᠦᠷᠢᠶᠡᠨ ᠳᠦ ᠦᠵᠡᠵᠦ ᠬᠠᠷᠠᠵᠤ ᠶᠠᠪᠤᠨ᠎ᠠ ᠭᠡᠵᠡᠢ᠃ ᠭᠡᠬᠦ ᠳᠦ ᠪᠡᠨ ᠵᠠᠷᠢᠮ ᠡᠬᠢ ᠰᠤᠷᠪᠤᠯᠵᠢ ︽ᠡᠷᠳᠡᠨᠢᠰ ᠲᠠᠪᠤᠨᠲᠣᠯᠣᠭᠠᠢ︾ ᠺᠣᠮᠫᠠᠨᠢ IPO ᠭᠠᠷᠭᠠᠬᠤ ᠪᠠᠷ ᠲᠥᠯᠥᠪᠯᠡᠵᠦ ᠪᠠᠶᠢᠭ᠎ᠠ ᠲᠠᠢ ᠬᠣᠯᠪᠣᠭ᠎ᠠ ᠲᠠᠢ ᠪᠠᠷ ᠨᠥᠬᠥᠴᠡᠯ ᠪᠠᠶᠢᠳᠠᠯ ᠢ ᠭᠠᠵᠠᠷ ᠳᠡᠭᠡᠷ᠎ᠡ ᠨᠢ ᠦᠵᠡᠵᠦ ᠲᠠᠨᠢᠯᠴᠠᠵᠤ ᠶᠠᠪᠤᠭ᠎ᠠ ᠭᠡᠪᠡ ᠃