ᠬᠠᠷᠢᠯᠴᠠᠭ᠎ᠠ ᠬᠣᠯᠪᠣᠭᠠᠨ ᠤ ᠵᠣᠬᠢᠴᠠᠭᠤᠯᠬᠤ ᠬᠣᠷᠢᠶᠠᠨ ᠠᠴᠠ ᠰᠠᠨᠠᠭᠠᠴᠢᠯᠠᠵᠤ᠂ ᠮᠣᠩᠭᠣᠯ ᠰᠢᠤᠳᠠᠨ ᠺᠤᠮᠫᠠᠨᠢ ᠍ ᠲᠠᠢ ᠬᠠᠮᠲᠤᠷᠠᠨ ᠵᠣᠬᠢᠶᠠᠨ ᠪᠠᠶᠢᠭᠤᠯᠤᠭᠰᠠᠨ ︽ᠵᠠᠬᠢᠳᠠᠯ ᠲᠡᠦᠬᠡ ᠦᠭᠦᠯᠡᠨ᠎ᠡ》 ᠰᠡᠳᠦᠪᠲᠦ ᠥᠰᠪᠦᠷᠢ ᠨᠠᠰᠤᠨ ᠤ ᠬᠡᠦᠬᠡᠳ ᠦᠳ ᠦᠨ ᠵᠠᠬᠢᠳᠠᠯ ᠪᠢᠴᠢᠯᠭᠡ ᠶᠢᠨ ᠤᠯᠤᠰ ᠤᠨ ᠤᠷᠤᠯᠳᠤᠭᠠᠨ ᠳ᠋ᠦᠩ ᠢᠶᠡᠨ ᠭᠠᠷᠭᠠᠯ᠎ᠠ᠃ ᠤᠷᠤᠯᠳᠤᠭᠠᠨ ᠳᠤ 5000 ᠣᠷᠴᠢᠮ ᠬᠡᠦᠬᠡᠳ ᠵᠠᠬᠢᠳᠠᠯ ᠪᠢᠴᠢᠵᠦ ᠢᠷᠡᠭᠦᠯᠵᠡᠢ᠃ ᠵᠠᠬᠢᠳᠠᠯ ᠪᠢᠴᠢᠯᠭᠡ ᠶᠢᠨ ᠤᠷᠤᠯᠳᠤᠭᠠᠨ ᠨᠢ ᠬᠦᠮᠦᠨ ᠲᠥᠷᠥᠯᠬᠢᠲᠡᠨ ᠦ ᠲᠡᠦᠬᠡᠨ ᠥᠪ ᠤᠯᠠᠮᠵᠢᠯᠠᠯ ᠤᠨ ᠨᠢᠭᠡ ᠪᠣᠯᠬᠤ ᠵᠠᠬᠢᠳᠠᠯ ᠪᠢᠴᠢᠭ ᠦᠨ ᠰᠤᠶᠤᠯ ᠢᠶᠠᠷ ᠳᠠᠮᠵᠢᠭᠤᠯᠤᠨ ᠡᠬᠡ ᠬᠡᠯᠡᠨ ᠦ ᠪᠣᠯᠪᠠᠰᠤᠷᠠᠯ ᠢ ᠳᠡᠮᠵᠢᠬᠦ᠂ ᠥᠰᠪᠦᠷᠢ ᠨᠠᠰᠤᠨ ᠤ ᠬᠡᠦᠬᠡᠳ ᠦᠳ ᠦᠨ ᠪᠢᠴᠢᠭ ᠦᠨ ᠬᠡᠯᠡᠨ ᠦ ᠪᠣᠯᠤᠨ ᠤᠷᠠᠨ ᠰᠡᠳᠬᠢᠮᠵᠢ᠂ ᠥᠪᠡᠷ ᠢ ᠪᠡᠨ ᠢᠯᠡᠷᠬᠡᠶᠢᠯᠡᠬᠦ ᠤᠷ᠎ᠠ ᠴᠢᠳᠠᠪᠤᠷᠢ ᠶᠢ ᠬᠥᠭᠵᠢᠭᠦᠯᠬᠦ᠂ ᠬᠦᠰᠡᠯ ᠮᠥᠷᠥᠭᠡᠳᠦᠯ ᠢ ᠤᠷᠮᠠᠰᠢᠭᠤᠯᠬᠤ ᠵᠣᠷᠢᠯᠭ᠎ᠠ ᠲᠠᠢ ᠪᠢᠯᠡ᠃ ᠬᠡᠦᠬᠡᠳ ᠦᠳ ᠡᠴᠡ ᠢᠷᠡᠭᠦᠯᠦᠭᠰᠡᠨ ᠵᠠᠬᠢᠳᠠᠯ ᠳᠤ ᠴᠠᠬᠢᠮ ᠣᠷᠴᠢᠨ ᠤ ᠨᠥᠯᠥᠭᠡᠯᠡᠯ ᠡᠴᠡ ᠦᠯᠦ ᠬᠠᠮᠢᠶᠠᠷᠤᠨ ᠠᠮᠢᠳᠤ ᠬᠠᠷᠢᠯᠴᠠᠭ᠎ᠠ ᠶᠢ ᠴᠢᠬᠤᠯᠠᠴᠢᠯᠠᠬᠤ᠂ ᠬᠠᠶᠢᠷᠠᠲᠠᠢ ᠳᠤᠲᠤᠨᠤ ᠬᠦᠮᠦᠰ ᠲᠦ ᠪᠡᠨ ᠬᠠᠨᠳᠤᠭᠰᠠᠨ ᠰᠡᠳᠬᠢᠯ ᠦᠨ ᠦᠭᠡ᠂ ᠠᠭᠤᠴᠢᠯᠠᠯ ᠲᠠᠯᠠᠷᠬᠠᠯ᠂ ᠤᠬᠠᠭᠠᠷᠠᠯ ᠬᠠᠷᠠᠮᠰᠠᠯ ᠰᠦᠯᠡᠯᠳᠦᠭᠰᠡᠨ᠂ ᠨᠡᠶᠢᠭᠡᠮ ᠤᠨ ᠲᠡᠭᠰᠢ ᠪᠤᠰᠤ ᠪᠠᠶᠢᠳᠠᠯ᠂ ᠶᠣᠰᠣ ᠰᠤᠷᠲᠠᠬᠤᠨ ᠤ ᠳᠣᠷᠣᠶᠢᠲᠠᠯ ᠳᠤ ᠡᠮᠵᠡᠭᠯᠡᠨ ᠰᠡᠳᠬᠢᠯ ᠵᠣᠪᠠᠨᠢᠵᠤ ᠪᠤᠢ ᠪᠠᠨ ᠢᠯᠡᠷᠬᠡᠶᠢᠯᠡᠭᠰᠡᠨ ᠨᠢ ᠳᠡᠶᠢᠯᠦᠩᠬᠢ ᠪᠠᠶᠢᠯ᠎ᠠ᠃
ᠤᠷᠤᠯᠳᠤᠭᠠᠨ ᠣ ᠲᠡᠷᠢᠭᠦᠨ ᠪᠠᠶᠢᠷᠢᠨ ᠳᠤ ᠠᠷᠤᠬᠠᠩᠭᠠᠢ ᠠᠶᠢᠮᠠᠭ ᠤᠨ ᠡᠷᠳᠡᠨᠢᠪᠤᠯᠠᠭᠠᠨ ᠰᠤᠮᠤ ᠶᠢᠨ 1 ᠍ ᠳᠦᠭᠡᠷ ᠰᠤᠷᠭᠠᠭᠤᠯᠢ ᠶᠢᠨ 7A ᠠᠩᠬᠢ ᠶᠢᠨ ᠰᠤᠷᠤᠭᠴᠢ ᠪᠣᠯᠣᠳ ᠤᠨ ᠤᠷᠲᠤᠨᠠᠰᠤᠨ᠂ ᠳᠡᠳ᠋ ᠪᠠᠶᠢᠷᠢᠨ ᠳᠤ ᠤᠯᠠᠭᠠᠨᠪᠠᠭᠠᠲᠤᠷ ᠬᠣᠲᠠ ᠶᠢᠨ ᠪᠠᠶᠠᠨᠵᠢᠷᠦᠬᠡ ᠳᠡᠭᠦᠷᠭᠡ ᠶᠢᠨ ︽ᠰᠢᠨ᠎ᠡ ᠮᠣᠩᠭᠣᠯ︾ ᠰᠤᠷᠭᠠᠭᠤᠯᠢ ᠶᠢᠨ 6-2 ᠠᠩᠬᠢ ᠶᠢᠨ ᠰᠤᠷᠤᠭᠴᠢ ᠨᠠᠮᠰᠠᠷᠠᠢ ᠶᠢᠨ ᠡᠩᠬᠡᠳᠦ᠋ᠯᠭᠡᠨ᠂ ᠭᠤᠲᠠᠭᠠᠷ ᠪᠠᠶᠢᠷᠢᠨ ᠳᠤ ᠭᠣᠪᠢ-ᠠᠯᠲᠠᠢ ᠠᠶᠢᠮᠠᠭ ᠤᠨ ᠶᠢᠰᠦᠨᠪᠤᠯᠠᠭ ᠰᠤᠮᠤ ᠶᠢᠨ 9 B ᠠᠩᠬᠢ ᠶᠢᠨ ᠰᠤᠷᠤᠭᠴᠢ ᠭᠠᠩᠪᠠᠭᠠᠲᠤᠷ ᠤᠨ ᠳᠦᠭᠦᠷᠡᠩᠵᠠᠶᠠᠭᠠ ᠰᠢᠯᠭᠠᠷᠠᠯ᠎ᠠ ᠃