ᠮᠣᠩᠭᠣᠯ ᠤᠨ ᠡᠪᠦᠯ ᠦᠨ ᠤᠰᠤᠨ ᠳᠤ ᠰᠡᠯᠢᠯᠲᠡ ᠶᠢᠨ ᠲᠠᠮᠢᠷᠴᠢᠨ ᠱ∙ᠳᠠᠸᠠᠳᠣᠷᠵᠢ ᠡᠨᠡ ᠰᠠᠷ᠎ᠠ ᠶᠢᠨ 3-4 ᠍ ᠦ ᠡᠳᠦᠷ ᠦᠳ ᠲᠦ ᠯᠠᠲ᠋ᠸᠢ ᠤᠯᠤᠰ ᠤᠨ ᠷᠢᠭ᠎ᠠ ᠬᠤᠲᠠ ᠳᠤ ᠪᠣᠯᠤᠭᠰᠠᠨ ᠡᠪᠦᠯ ᠦᠨ ᠤᠰᠤᠨ ᠳᠤ ᠰᠡᠯᠢᠯᠲᠡ ᠶᠢᠨ ᠳᠡᠯᠡᠬᠡᠢ ᠶᠢᠨ ᠴᠣᠮᠣ ᠠᠴᠠ ᠳᠥᠷᠪᠡᠨ ᠮᠥᠩᠭᠥ᠂ ᠨᠢᠭᠡ ᠬᠦᠷᠡᠯ ᠮᠧᠳᠠᠯ ᠬᠦᠷᠲᠡᠵᠦ ᠥᠨᠳᠥᠷ ᠠᠮᠵᠢᠯᠲᠠ ᠦᠵᠡᠭᠦᠯᠦᠭᠰᠡᠨ ᠪᠠᠶᠢᠨ᠎ᠠ᠃ ᠲᠤᠰ ᠲᠡᠮᠡᠴᠡᠭᠡᠨ ᠳᠦ 25 ᠣᠷᠣᠨ ᠤ 300 ᠲᠠᠮᠢᠷᠴᠢᠨ ᠣᠷᠣᠯᠴᠠᠵᠤ ᠬᠤᠷᠳᠤ ᠬᠦᠴᠦ ᠠᠪᠬᠠᠯᠵᠢ ᠰᠠᠮᠪᠠᠭ᠎ᠠ ᠪᠠᠨ ᠰᠣᠷᠢᠭᠰᠠᠨ ᠠᠵᠠᠢ ᠃ ᠲᠡᠷᠡ 35 ᠵᠢᠯ ᠤᠰᠤᠨ ᠳᠤ ᠰᠡᠯᠢᠯᠲᠡ ᠶᠢᠨ ᠰᠫᠣᠷᠲ ᠢᠶᠠᠷ ᠬᠢᠴᠢᠶᠡᠯᠯᠡᠵᠦ ᠰᠡᠭᠦᠯ ᠦᠨ ᠭᠤᠷᠪᠠᠨ ᠵᠢᠯ ᠳᠦ ᠳᠡᠯᠡᠬᠡᠢ ᠶᠢᠨ ᠴᠣᠮᠣ ᠶᠢᠨ ᠠᠪᠤᠷᠭᠤ ᠶᠢᠨ ᠲᠡᠮᠡᠴᠡᠭᠡᠨ ᠪᠣᠯᠤᠨ ᠣᠯᠠᠨ ᠤᠯᠤᠰ ᠤᠨ ᠲᠡᠮᠡᠴᠡᠭᠡᠨ ᠡᠴᠡ ᠨᠡᠶᠢᠲᠡ 13 ᠠᠯᠲᠠ᠂ 18 ᠮᠥᠩᠭᠥ᠂ ᠳᠣᠯᠣᠭᠠᠨ ᠬᠦᠷᠡᠯ ᠮᠧᠳᠠᠯ ᠬᠦᠷᠲᠡᠭᠰᠡᠨ ᠠᠮᠵᠢᠯᠲᠠ ᠦᠵᠡᠭᠦᠯᠵᠡᠢ᠃ ᠲᠡᠷᠡ ᠣᠯᠠᠨ ᠤᠯᠤᠰ ᠤᠨ ᠲᠡᠮᠡᠴᠡᠭᠡᠨ ᠳᠦ ᠶᠠᠪᠤᠬᠤ ᠵᠠᠷᠤᠳᠠᠯ ᠮᠥᠩᠭᠥ ᠪᠡᠨ ᠬᠤᠪᠢ ᠠᠴᠠ ᠪᠠᠨ ᠭᠠᠷᠭᠠᠨ ᠳᠡᠭᠡᠷᠡᠬᠢ ᠠᠮᠵᠢᠯᠲᠠ ᠨᠤᠭᠤᠳ ᠢ ᠦᠵᠡᠭᠦᠯᠵᠦ ᠳᠡᠯᠡᠬᠡᠢ ᠳ᠋ᠠᠬᠢᠨ ᠳᠤ ᠮᠣᠩᠭᠣᠯ ᠤᠯᠤᠰ ᠤᠨ ᠨᠡᠷ᠎ᠡ ᠶᠢ ᠳᠠᠭᠤᠷᠢᠰᠬᠠᠵᠤ ᠪᠠᠶᠢᠨ᠎ᠠ᠃