ᠳ∙ᠵᠢᠷᠭᠠᠯᠰᠠᠶᠢᠬᠠᠨ᠄ ᠦᠨ᠎ᠡ ᠶᠢ ᠵᠤᠬᠢᠴᠠᠭᠤᠯᠵᠤ ᠪᠤᠯᠳᠠᠭ ᠦᠭᠡᠢ | News.MN

ᠳ∙ᠵᠢᠷᠭᠠᠯᠰᠠᠶᠢᠬᠠᠨ᠄ ᠦᠨ᠎ᠡ ᠶᠢ ᠵᠤᠬᠢᠴᠠᠭᠤᠯᠵᠤ ᠪᠤᠯᠳᠠᠭ ᠦᠭᠡᠢ

ᠡᠳ᠋ ᠦᠨ ᠵᠠᠰᠠᠭᠴᠢ ᠳ∙ᠵᠢᠷᠭᠠᠯᠰᠠᠶᠢᠬᠠᠨ ᠲᠠᠢ ᠶᠠᠷᠢᠯᠴᠠᠯ᠎ᠠ᠃
– ᠰᠢᠲᠠᠬᠤᠨ ᠤ ᠦᠨ᠎ᠡ ᠥᠰᠦᠭᠰᠡᠨ ᠢ ᠢᠷᠭᠡᠳ ᠡᠰᠡᠷᠭᠦᠴᠡᠵᠦ᠂ ᠵᠢᠭᠰᠠᠵᠤ ᠪᠠᠶᠢᠨ᠎ᠠ ᠃ ᠦᠨ᠎ᠡ ᠶᠢᠨ ᠥᠰᠦᠯᠲᠡ ᠶᠢ ᠢᠷᠭᠡᠳ ᠦᠨ ᠬᠡᠯᠡᠭᠡᠳ ᠪᠠᠶᠢᠭ᠎ᠠ ᠰᠢᠭ᠋ ᠰᠢᠭᠤᠳ ᠵᠣᠬᠢᠴᠠᠭᠤᠯᠬᠤ ᠪᠣᠯᠤᠮᠵᠢ ᠪᠠᠶᠢᠨ᠎ᠠ ᠤᠤ ︖
– ᠤᠭ ᠠᠴᠠ ᠪᠠᠨ ᠵᠣᠬᠢᠴᠠᠭᠤᠯᠵᠤ ᠪᠣᠯᠬᠤ ᠦᠭᠡᠢ ᠵᠦᠢᠯ ᠢ ᠫᠤᠫᠤᠯᠢᠰᠲ ᠤᠯᠤᠰ ᠲᠦᠷᠦᠴᠢᠳ ᠵᠣᠬᠢᠴᠠᠭᠤᠯᠬᠤ ᠶᠢ ᠣᠷᠣᠯᠳᠤᠭᠰᠠᠨ᠃ ᠶᠡᠷᠦ ᠨᠢ ᠪᠣᠯ ᠲᠥᠷᠥ ᠳᠦ ᠮᠥᠩᠭᠥ ᠪᠠᠶᠢᠬᠤ ᠦᠭᠡᠢ᠃ ᠲᠥᠷᠥ ᠳᠦ ᠵᠥᠪᠬᠡᠨ ᠠᠷᠠᠳ ᠢᠷᠭᠡᠳ ᠦᠨ ᠮᠥᠩᠭᠥ ᠯᠠ ᠪᠤᠢ᠃ ᠲᠡᠭᠡᠬᠦ ᠪᠡᠷ ᠮᠠᠰᠢᠨ   ᠤᠨᠠᠳᠠᠭ ᠦᠭᠡᠢ ᠪᠦᠬᠦ ᠢᠷᠭᠡᠳ ᠦᠨ ᠮᠥᠩᠭᠥ ᠪᠡᠷ ᠮᠠᠰᠢᠨ ᠤᠨᠤᠳᠠᠭ ᠬᠦᠮᠦᠰ ᠲᠦ ᠬᠢᠮᠳᠠ ᠪᠧᠨ᠋ᠽᠢᠨ ᠥᠭᠴᠦ ᠡᠬᠢᠯᠡᠭᠰᠡᠨ᠃ ᠮᠠᠰᠢᠨ ᠲᠠᠢ ᠬᠦᠮᠦᠰ ᠬᠢᠮᠳᠠ ᠪᠧᠨ᠋ᠽᠢᠨ ᠠᠪᠤᠨ᠎ᠠ᠂  ᠵᠦᠷᠢᠶ᠎ᠡ ᠶᠢ ᠨᠢ ᠨᠥᠭᠥᠭᠡ ᠬᠦᠮᠦᠰ ᠡᠴᠡ ᠠᠪᠴᠤ ᠥᠭᠭᠦᠭᠰᠡᠨ ᠪᠠᠶᠢᠬᠤ ᠦᠭᠡᠢ ᠤᠤ᠃ ᠡᠨᠡ ᠨᠢ ᠥᠪᠡᠷ ᠢᠶᠡᠨ  ᠲᠡᠪᠡᠷᠢᠵᠦ ᠪᠣᠯᠬᠤ ᠦᠭᠡᠢ ᠲᠣᠮᠣ ᠮᠣᠳᠣ ᠶᠢ ᠲᠡᠪᠡᠷᠢᠬᠦ ᠭᠡᠵᠦ ᠣᠷᠣᠯᠳᠤᠭᠰᠠᠨ ᠲᠠᠢ ᠠᠳᠠᠯᠢᠬᠠᠨ ᠪᠣᠯᠴᠢᠬᠠᠭᠠᠳ ᠪᠠᠶᠢᠭ᠎ᠠ ᠶᠤᠮ᠃ 2012 ᠣᠨ ᠠᠴᠠ ᠬᠣᠶᠢᠰᠢ ᠶᠠᠭ ᠡᠶᠢᠮᠦ ᠦᠢᠯᠡᠳᠦᠯ ᠢ ᠬᠢᠬᠦ ᠭᠡᠵᠦ ᠣᠷᠣᠯᠳᠤᠭᠰᠠᠨ᠃ ᠮᠢᠬᠠᠨ ᠤ ᠨᠥᠭᠡᠴᠡ ᠪᠦᠷᠢᠳᠦᠭᠦᠯᠦᠨ᠎ᠡ᠂ ᠭᠤᠯᠢᠷ ᠤᠨ ᠦᠢᠯᠡᠳᠪᠦᠷᠢ ᠪᠠᠷᠢᠨ᠎ᠠ ᠭᠡᠬᠦ ᠵᠡᠷᠭᠡ ᠶᠠᠩᠵᠤ ᠪᠦᠷᠢ ᠶᠢᠨ ᠦᠭᠡ ᠦᠰᠦᠭ ᠦᠨ ᠳᠣᠣᠷ᠎ᠠ ᠵᠠᠰᠠᠭ ᠤᠨ ᠭᠠᠵᠠᠷ᠂ ᠮᠣᠩᠭᠣᠯ ᠪᠠᠩᠬᠢ ᠬᠣᠶᠠᠷ ᠨᠡᠶᠢᠯᠡᠭᠡᠳ 5.4 ᠶᠡᠬᠡ ᠨᠠᠶᠠᠳ ᠲᠥᠭᠥᠷᠢᠭ ᠭᠠᠷᠭᠠᠭᠰᠠᠨ᠃ ᠡᠭᠦᠨ ᠡᠴᠡ ᠪᠠᠷᠢᠯᠭ᠎ᠠ᠂ ᠢᠫᠣᠲ᠋ᠧᠺ ᠬᠣᠶᠠᠷ ᠢ ᠡᠰᠡ ᠲᠣᠭᠠᠴᠠᠪᠠᠯ 1.2 ᠶᠡᠬᠡ ᠨᠠᠶᠠᠳ ᠲᠥᠭᠥᠷᠢᠭ ᠢ ᠪᠦᠬᠦ ᠲᠥᠷᠥᠯ ᠦᠨ ᠦᠨ᠎ᠡ ᠶᠢ ᠪᠠᠷᠢᠬᠤ ᠳᠤ ᠵᠠᠷᠤᠴᠠᠭᠤᠯᠤᠭᠰᠠᠨ᠃ ᠡᠭᠦᠨ ᠳᠣᠲᠣᠷ᠎ᠠ ᠪᠠᠨ 226 ᠲᠡᠷᠪᠤᠮ ᠲᠥᠭᠥᠷᠢᠭ ᠢ 0.9 ᠬᠤᠪᠢ ᠶᠢᠨ ᠬᠦᠦ ᠲᠡᠢ ᠪᠡᠷ ᠠᠷᠠᠯᠵᠢᠶᠠᠨ ᠤ ᠪᠠᠩᠬᠢ ᠨᠤᠭᠤᠳ ᠢᠶᠠᠷ ᠳᠠᠮᠵᠢᠭᠤᠯᠤᠭᠠᠳ᠂ ᠨᠦᠭᠦᠭᠡᠳᠦᠭᠦᠯ ᠨᠢ 3-4  ᠬᠤᠪᠢ ᠶᠢᠨ ᠬᠦᠦ ᠲᠡᠢ ᠪᠡᠷ ᠴᠠᠰᠢ ᠨᠢ ᠨᠧᠹᠲ ᠢᠮᠫᠣᠷᠲᠯᠠᠭᠴᠢ 14 ᠺᠣᠮᠫᠠᠨᠢ ᠳᠤ ᠥᠭᠭᠦᠭᠰᠡᠨ᠃ ᠦᠷ᠎ᠡ ᠳ᠋ᠦᠩ ᠳᠦ ᠨᠢ ᠦᠨ᠎ᠡ ᠳᠠᠬᠢᠭᠠᠳ ᠯᠠ ᠥᠰᠦᠭᠰᠡᠨ᠃

-226 ᠲᠡᠷᠪᠤᠮ ᠲᠥᠭᠥᠷᠢᠭ ᠭᠡᠳᠡᠭ ᠢ ᠲᠣᠳᠣᠷᠠᠭᠤᠯᠤᠶ᠎ᠠ᠃ ᠬᠡᠳᠦᠢ ᠬᠢᠷᠢ ᠬᠤᠭᠤᠴᠠᠭᠠᠨ ᠳᠤ ᠵᠠᠷᠤᠴᠠᠭᠤᠯᠤᠭᠰᠠᠨ ᠮᠥᠩᠭᠥ ᠶᠢ ᠲᠠ ᠬᠡᠯᠡᠵᠦ ᠪᠠᠶᠢᠨ᠎ᠠ ᠪᠤᠢ ︖
-2012-2015 ᠣᠨ ᠤ ᠬᠣᠭᠣᠷᠣᠨᠳᠣ ᠵᠠᠷᠤᠴᠠᠭᠤᠯᠤᠭᠰᠠᠨ ᠮᠥᠩᠭᠥ᠃ ᠡᠨᠡ ᠨᠢ ᠬᠢᠮᠳᠠ ᠵᠢᠭᠡᠯᠡ ᠠᠪᠤᠭᠰᠠᠨ ᠺᠣᠮᠫᠠᠨᠢ ᠨᠤᠭᠤᠳ ᠲᠤ ᠯᠠ ᠠᠰᠢᠭᠲᠠᠢ ᠪᠠᠶᠢᠭᠰᠠᠨ᠃  ᠶᠠᠭᠠᠬᠢᠵᠤ ᠬᠡᠷᠡᠭᠯᠡᠭᠰᠡᠨ ᠢ ᠨᠢ ᠮᠡᠳᠡᠬᠦ ᠦᠭᠡᠢ᠃ ᠪᠠᠩᠬᠢ ᠪᠤᠰᠤ ᠰᠠᠩᠬᠦᠦ ᠶᠢᠨ ᠪᠠᠶᠢᠭᠤᠯᠤᠯᠭ᠎ᠠ ᠲᠠᠢ ᠴᠤ ᠪᠠᠶᠢᠭᠰᠠᠨ ᠶᠤᠮ  ᠪᠢᠯᠡ ᠤᠤ᠃ ᠡᠰᠡᠪᠡᠯ ᠪᠠᠩᠬᠢ ᠨᠤᠭᠤᠳ ᠳᠡᠭᠡᠷ᠎ᠡ ᠪᠡᠨ ᠬᠦᠦ ᠶᠢ ᠨᠢ ᠥᠰᠬᠡᠭᠰᠡᠨ ᠴᠤ ᠶᠤᠮ ᠪᠢᠯᠡ ᠤᠤ ᠂ ᠮᠡᠳᠡᠬᠦ ᠦᠭᠡᠢ᠃ ᠶᠡᠷᠦ ᠨᠢ ᠲᠥᠷᠥ ᠵᠠᠰᠠᠭ ᠡᠶᠢᠮᠦᠷᠬᠦᠦ ᠵᠦᠢᠯ ᠬᠢᠬᠦ ᠲᠤᠰᠤᠮ ᠪᠠᠩᠬᠢᠨ ᠤ ᠬᠦᠦ ᠶᠢ ᠥᠰᠬᠡᠭᠡᠳ ᠪᠠᠶᠢᠭ᠎ᠠ ᠶᠢ ᠰᠡᠭᠦᠯ ᠦᠨ ᠦᠶ᠎ᠡ ᠶᠢᠨ ᠦᠢᠯᠡ ᠶᠠᠪᠤᠳᠠᠯ ᠪᠠᠲᠤᠯᠠᠵᠤ ᠪᠠᠶᠢᠭ᠎ᠠ᠃
-ᠦᠨ᠎ᠡ ᠲᠣᠭᠲᠠᠪᠤᠷᠢᠵᠢᠭᠤᠯᠬᠤ ᠬᠥᠲᠥᠯᠪᠦᠷᠢ᠂ ᠲᠡᠷᠡ ᠳᠤᠮᠳᠠ ᠪᠠᠨ ᠰᠢᠲᠠᠬᠤᠨ ᠤ ᠦᠨ᠎ᠡ ᠶᠢ ᠲᠣᠭᠲᠠᠪᠤᠷᠢᠲᠠᠢ ᠪᠠᠶᠢᠯᠭᠠᠬᠤ ᠭᠡᠵᠦ ᠣᠷᠣᠯᠳᠤᠬᠤ ᠨᠢ ᠲᠠᠨ ᠤ ᠪᠣᠳᠣᠯ ᠢᠶᠠᠷ ᠪᠤᠷᠤᠭᠤ ᠶᠤᠮ ᠪᠠᠶᠢᠨ᠎ᠠ᠂ ᠶᠠᠮᠠᠷ ᠴᠤ ᠦᠷ᠎ᠡ ᠳ᠋ᠦᠩ ᠦᠭᠡᠢ ᠭᠡᠰᠡᠨ ᠦᠭᠡ ᠦᠦ ︖
– ᠲᠦᠷ ᠵᠠᠭᠤᠷ᠎ᠠ ᠶᠢᠨ ᠦᠷ᠎ᠡ ᠳ᠋ᠦᠩ ᠯᠠ ᠥᠭᠴᠦ᠂ ᠬᠦᠮᠦᠰ ᠲᠦ ᠵᠠᠬ᠎ᠠ ᠵᠡᠭᠡᠯᠢ ᠶᠢᠨ ᠲᠠᠯ᠎ᠠ ᠪᠠᠷ ᠪᠤᠷᠤᠭᠤ ᠮᠡᠳᠡᠭᠡᠯᠡᠯ ᠥᠭᠳᠡᠭ᠃ ᠢᠷᠭᠡᠳ ᠦᠨ ᠬᠤᠪᠢ ᠳᠤ ᠲᠥᠷᠥ ᠵᠠᠰᠠᠭ ᠢᠩᠭᠢᠭᠡᠳ ᠯᠠ ᠬᠢᠨᠠᠭᠠᠳ ᠶᠠᠪᠤᠴᠢᠬᠠᠬᠤ ᠶᠤᠮ ᠪᠠᠶᠢᠨ᠎ᠠ ᠭᠡᠵᠦ ᠣᠶᠢᠯᠠᠭᠠᠳᠠᠭ᠃ ᠭᠡᠲᠡᠯ᠎ᠡ ᠲᠡᠶᠢᠮᠦ ᠪᠣᠯᠤᠮᠵᠢ ᠪᠠᠶᠢᠬᠤ ᠦᠭᠡᠢ ᠰᠢᠦ ᠳ᠋ᠡ᠃
– ᠵᠠᠷᠢᠮ ᠲᠠᠯ᠎ᠠ ᠪᠠᠷ ᠦᠨ᠎ᠡ ᠲᠣᠭᠲᠠᠪᠤᠷᠢᠵᠢᠭᠤᠯᠬᠤ ᠬᠥᠲᠥᠯᠪᠦᠷᠢ ᠶᠢ ᠵᠥᠪᠬᠡᠨ ᠰᠢᠲᠠᠬᠤᠨ᠂ ᠪᠧᠨ᠋ᠽᠢᠨ ᠦ ᠦᠨ᠎ᠡ ᠳᠡᠭᠡᠷ᠎ᠡ ᠦᠷᠭᠦᠯᠵᠢᠯᠡᠭᠦᠯᠬᠦ ᠬᠡᠷᠡᠭᠲᠡᠢ ᠭᠡᠵᠦ  ᠶᠠᠷᠢᠭᠠᠳ ᠪᠠᠶᠢᠭ᠎ᠠ ᠰᠢᠦ ᠳ᠋ᠡ᠃ ᠡᠳ᠋ ᠍ ᠦᠨ ᠵᠠᠰᠠᠭ ᠰᠠᠶᠢᠵᠢᠷᠠᠵᠤ᠂ ᠭᠠᠳᠠᠭᠠᠳᠤ ᠵᠠᠬ᠎ᠠ ᠵᠡᠭᠡᠯᠢ ᠳᠦ ᠦᠨ᠎ᠡ ᠪᠠᠭᠤᠷᠠᠵᠤ ᠡᠬᠢᠯᠡᠲᠡᠯ᠎ᠡ ᠡᠶᠢᠮᠦ ᠬᠥᠲᠥᠯᠪᠦᠷᠢ ᠪᠠᠶᠢᠬᠤ ᠬᠡᠷᠡᠭ ᠦᠭᠡᠢ ᠭᠡᠵᠦ ᠦᠦ ︖
– ᠪᠦᠷ ᠬᠣᠣᠷ ᠲᠠᠢ ᠪᠠᠶᠢᠨ᠎ᠠ ᠭᠡᠵᠦ ᠦᠵᠡᠵᠦ ᠪᠠᠶᠢᠨ᠎ᠠ᠃ ᠡᠨᠡ ᠨᠢ ᠵᠠᠬ᠎ᠠ ᠵᠡᠭᠡᠯᠢ ᠶᠢᠨ ᠬᠦᠯᠢᠶᠡᠯᠲᠡ ᠶᠢ ᠥᠭᠡᠷ᠎ᠡ ᠪᠣᠯᠭᠠᠵᠤ ᠪᠠᠶᠢᠨ᠎ᠠ᠃ ᠨᠧᠹᠲ ᠢᠮᠫᠣᠷᠲᠯᠠᠭᠴᠢ ᠺᠣᠮᠫᠠᠨᠢ ᠨᠤᠭᠤᠳ ᠢ  ᠤᠯᠤᠰ ᠲᠦᠷᠦᠴᠢᠳ ᠲᠡᠢ ᠯᠣᠪᠪᠢ ᠬᠢᠬᠦ ᠳᠦ ᠯᠠ ᠬᠡᠷᠡᠭ ᠪᠣᠯᠵᠤ ᠪᠠᠶᠢᠨ᠎ᠠ᠃ ᠦᠨᠳᠦᠰᠦᠨ ᠳᠦ ᠪᠡᠨ ᠯᠣᠪᠪᠢ ᠬᠢᠭᠰᠡᠨ᠂ ᠯᠣᠪᠪᠢᠨ ᠳᠤ ᠣᠷᠣᠭᠰᠠᠨ ᠬᠣᠶᠠᠷ ᠬᠦᠮᠦᠨ ᠯᠠ ᠠᠰᠢᠭᠲᠠᠢ ᠪᠠᠶᠢᠬᠤ ᠦᠭᠡᠢ ᠤᠤ᠃ ᠪᠢᠳᠡᠨ ᠳᠦ ᠶᠠᠮᠠᠷ ᠴᠤ ᠠᠰᠢᠭ ᠦᠭᠡᠢ᠃ ᠬᠡᠷᠡᠭᠯᠡᠭᠴᠢ ᠠᠯᠢᠪᠠ ᠶᠠᠭᠤᠮ᠎ᠠ ᠶᠢ ᠪᠣᠳᠠᠲᠠᠢ ᠦᠨ᠎ᠡ ᠪᠡᠷ ᠨᠢ ᠯᠠ ᠬᠤᠳᠠᠯᠳᠤᠵᠤ ᠠᠪᠴᠤ ᠪᠠᠶᠢᠵᠤ᠂ ᠲᠡᠷᠡ ᠴᠢᠨᠢ ᠵᠠᠬ᠎ᠠ ᠵᠡᠭᠡᠯᠢ ᠪᠣᠯᠤᠨ᠎ᠠ᠃ ᠶᠡᠷᠦ ᠨᠢ ᠪᠣᠯ ᠮᠣᠩᠭᠣᠯ ᠤᠯᠤᠰ ᠵᠠᠬ᠎ᠠ ᠵᠡᠭᠡᠯᠢ ᠶᠢᠨ ᠡᠳ᠋ ᠍ ᠦᠨ ᠵᠠᠰᠠᠭ ᠤᠷᠤᠭᠤ ᠰᠢᠯᠵᠢᠵᠦ ᠪᠠᠶᠢᠭ᠎ᠠ ᠭᠡᠳᠡᠭ ᠢ ᠮᠠᠷᠲᠠᠭᠰᠠᠨ ᠬᠦᠮᠦᠰ ᠪᠣᠯ ᠮᠠᠨ ᠤ  ᠤᠯᠤᠰ ᠲᠦᠷᠦᠴᠢᠳ ᠪᠣᠯᠴᠢᠬᠠᠭᠠᠳ ᠪᠠᠶᠢᠨ᠎ᠠ᠃

ᠰᠡᠳᠬᠢᠭᠳᠡᠯ ᠦᠯᠡᠳᠡᠭᠡᠬᠦ