ᠪᠦᠭᠦᠳᠡ ᠨᠠᠶᠢᠷᠠᠮᠳᠠᠬᠤ ᠬᠠᠰᠠᠭᠰᠲ᠋ᠠᠨ ᠤᠯᠤᠰ ᠤᠨ ᠰ∙ᠰᠧᠢᠹᠦ᠋ᠯᠯᠢᠨ ᠦ ᠨᠡᠷᠡᠮᠵᠢᠲᠦ ᠬᠠᠰᠠᠭ ᠤᠨ ᠬᠥᠳᠡᠭᠡ ᠠᠵᠤ ᠠᠬᠤᠢ ᠲᠧᠭᠨᠢᠭ ᠦᠨ ᠶᠡᠬᠡ ᠰᠤᠷᠭᠠᠭᠤᠯᠢ ᠶᠢᠨ ᠮᠠᠭᠢᠰᠲ᠋ᠷ ᠤᠨ ᠠᠩᠭᠢ ᠳᠤ ᠰᠤᠷᠤᠯᠴᠠᠵᠤ ᠪᠤᠢ ᠮᠣᠩᠭᠣᠯ ᠤᠨ ᠣᠶᠤᠲᠠᠨ ᠠ᠊∙ᠨᠤᠷᠰᠤᠯᠲ᠋ᠠᠨ ᠤ ᠵᠢᠷᠤᠭ ᠲᠥᠰᠥᠯ ᠦᠨ ᠳᠠᠭᠠᠤ ᠠᠰᠲ᠋ᠠᠨᠠ ᠬᠤᠲᠠ ᠳᠤ 38 ᠠᠶᠢᠯ ᠤᠨ ᠲᠠᠩᠰᠤᠭ ᠵᠡᠷᠭᠡᠯᠡᠯ ᠦᠨ ᠣᠷᠣᠨ ᠰᠠᠭᠤᠴᠠ ᠪᠠᠷᠢᠬᠤ ᠪᠠᠷ ᠪᠣᠯᠵᠠᠢ᠃
ᠲᠡᠷᠡ ᠪᠡᠷ ᠄ ᠲᠤᠬᠠᠢ ᠶᠢᠨ ᠲᠥᠰᠥᠯ ᠦᠨ ᠶᠡᠷᠦᠩᠬᠡᠢ ᠠᠷᠬᠢᠲ᠋ᠧᠺᠲ᠋ᠣᠷ ᠢᠶᠠᠷ ᠠᠵᠢᠯᠯᠠᠵᠤ᠂ ᠬᠣᠶᠠᠷ ᠰᠠᠷ᠎ᠠ ᠶᠢᠨ ᠲᠤᠷᠰᠢ ᠬᠢᠭᠰᠡᠨ ᠠᠵᠢᠯ ᠤᠨ ᠵᠢᠷᠤᠭ ᠢᠶᠠᠨ ᠤᠯᠤᠰ ᠤᠨ ᠡᠺᠰᠫᠧᠷᠲ᠋ᠢᠽ ᠳᠡᠭᠡᠷ᠎ᠡ ᠠᠮᠵᠢᠯᠲᠠ ᠲᠠᠢ ᠬᠠᠮᠠᠭᠠᠯᠠᠯ᠎ᠠ᠃ ᠤᠭ ᠪᠠᠷᠢᠯᠭ᠎ᠠ ᠬᠣᠲᠠ ᠶᠢᠨ ᠲᠥᠪ ᠬᠡᠰᠡᠭ ᠲᠡᠬᠢ ︽ᠮᠠᠩᠭᠢᠯᠢᠺ ᠶᠸᠯ︾ ᠥᠷᠭᠡᠨ ᠴᠢᠯᠦᠭᠡᠨ ᠳᠦ ᠢᠷᠡᠬᠦ ᠰᠠᠷ᠎ᠠ ᠠᠴᠠ ᠪᠠᠷᠢᠭᠳᠠᠵᠤ ᠡᠬᠢᠯᠡᠨ᠎ᠡ ᠬᠡᠮᠡᠯ᠎ᠡ᠃
ᠠ᠊∙ᠨᠤᠷᠰᠤᠯᠲ᠋ᠠᠨ ᠤ ᠬᠤᠪᠢ ᠳᠤ 2017 ᠣᠨ ᠳᠤ ᠣᠷᠣᠰ ᠤᠨ ᠰᠠᠨᠲ ᠫᠸᠲᠸᠷᠪᠦ᠋ᠷᠡᠭ ᠬᠤᠲᠠ ᠳᠤ ᠪᠠᠷᠢᠯᠭ᠎ᠠ᠂ ᠠᠷᠬᠢᠲ᠋ᠧᠺᠲ᠋ᠣᠷ ᠤᠨ ᠶᠡᠬᠡ ᠰᠤᠷᠭᠠᠭᠤᠯᠢ ᠶᠢ ᠳᠦᠭᠦᠷᠭᠡᠵᠦ᠂ ᠡᠨᠡ ᠵᠢᠯ ᠡᠴᠡ ᠠᠰᠲ᠋ᠠᠨᠠ ᠬᠤᠲᠠ ᠳᠤ ᠰᠤᠷᠤᠯᠴᠠᠵᠤ ᠪᠠᠶᠢᠭ᠎ᠠ ᠠᠵᠠᠢ ᠃