ᠣᠯᠠᠨ ᠤᠯᠤᠰ ᠤᠨ ᠫᠠᠷᠠᠯᠢᠮᠫ ᠤᠨ ᠬᠣᠷᠢᠶᠠᠨ ᠠᠴᠠ ︽ ᠷᠢᠤ᠋ 2016︾ᠣᠯᠢᠮᠫ ᠤᠨ ᠫᠠᠷᠠᠯᠢᠮᠫ ᠤᠨ ᠨᠠᠭᠠᠳᠤᠮ ᠤᠨ ᠬᠦᠷᠡᠯ ᠮᠸᠳᠠᠯᠲᠤ ᠂ ᠠᠽᠢᠶ᠎ᠠ ᠶᠢᠨ ᠨᠠᠭᠠᠳᠤᠮ ᠤᠨ ᠠᠪᠤᠷᠭᠤ᠂ ᠳᠡᠯᠡᠬᠡᠢ ᠶᠢᠨ ᠴᠣᠮᠣ ᠶᠢᠨ ᠭᠤᠷᠪᠠᠨ ᠤᠳᠠᠭ᠎ᠠ ᠶᠢᠨ ᠠᠪᠤᠷᠭᠤ᠂ ᠮᠣᠩᠭᠣᠯ ᠤᠯᠤᠰ ᠤᠨ ᠭᠠᠪᠢᠶᠠᠲᠤ ᠲᠠᠮᠢᠷᠴᠢᠨ ᠡ᠊∙ᠰᠤᠳᠨᠠᠮᠫᠸᠯᠵᠠᠢ ᠶᠢ ᠠᠷᠪᠠᠳᠤᠭᠠᠷ ᠰᠠᠷ᠎ᠠ ᠶᠢᠨ ᠰᠢᠯᠢᠳᠡᠭ ᠲᠠᠮᠢᠷᠴᠢᠨ ᠳᠤ ᠨᠡᠷ᠎ᠡ ᠳᠡᠪᠰᠢᠭᠦᠯᠵᠡᠢ᠃ ᠲᠡᠷᠡ ᠪᠡᠷ ᠥᠩᠭᠡᠷᠡᠭᠰᠡᠨ ᠰᠠᠷ᠎ᠠ ᠳᠤ ᠢᠨᠳᠦᠨᠢᠰᠢᠶᠠ ᠤᠯᠤᠰ ᠤᠨ ᠵᠠᠺᠠᠷᠲ᠋ᠠ ᠬᠤᠲᠤᠨᠠ ᠪᠣᠯᠤᠭᠰᠠᠨ ᠠᠽᠢᠶ᠎ᠠ ᠶᠢᠨ ᠫᠠᠷᠠᠯᠢᠮᠫ ᠤᠨ ᠨᠠᠭᠠᠳᠤᠮ ᠤᠨ 107 ᠺᠢᠯᠦᠭᠷᠡᠮ ᠤᠨ ᠵᠢᠩ ᠳᠦ ᠤᠷ᠎ᠠ ᠴᠢᠳᠠᠪᠤᠷᠢ ᠪᠠᠨ ᠰᠣᠷᠢᠵᠤ᠂ ᠠᠯᠲᠠᠨ ᠮᠧᠳᠠᠯ ᠬᠦᠷᠲᠡᠭᠰᠡᠨ᠃ ᠢᠩᠭᠢᠬᠦ ᠳᠦ ᠪᠡᠨ 232.5 ᠺᠢᠯᠦᠭᠷᠡᠮ ᠪᠠᠶᠢᠭᠰᠠᠨ ᠠᠽᠢᠶ᠎ᠠ ᠶᠢᠨ ᠷᠧᠺᠣᠷᠳ᠋ ᠍ ᠢ 7.5 ᠺᠢᠯᠦᠭᠷᠡᠮ ᠢᠶᠡᠷ ᠡᠪᠳᠡᠵᠦ 240 ᠺᠢᠯᠦᠭᠷᠡᠮ ᠪᠣᠯᠭᠠᠭᠰᠠᠨ᠃ ᠮᠥᠨ 243 ᠺᠢᠯᠦᠭᠷᠡᠮ ᠪᠠᠶᠢᠭᠰᠠᠨ ᠳᠡᠯᠡᠬᠡᠢ ᠶᠢᠨ ᠳᠡᠭᠡᠳᠦ ᠠᠮᠵᠢᠯᠲᠠ ᠶᠢ ᠨᠢᠭᠡ ᠺᠢᠯᠦᠭᠷᠡᠮ ᠢᠶᠡᠷ ᠡᠪᠳᠡᠵᠦ᠂ 244 ᠺᠢᠯᠦᠭᠷᠡᠮ ᠪᠣᠯᠭᠠᠭᠰᠠᠨ ᠶᠤᠮ᠃