ᠤᠯᠤᠰ ᠤᠨ ᠬᠡᠮᠵᠢᠶᠡᠨ ᠳᠦ ᠤᠷᠭᠤᠴᠠ ᠬᠤᠷᠢᠶᠠᠯᠲᠠ ᠳᠠᠭᠤᠰᠴᠦ ᠂ ᠤᠷᠢᠳᠴᠢᠯᠠᠭᠰᠠᠨ ᠳ᠋ᠦᠩ ᠢᠶᠡᠷ 409.6 ᠮᠢᠩᠭᠠᠨ ᠲᠣᠨ ᠦᠷ᠎ᠡ ᠲᠠᠷᠢᠶ᠎ᠠ ᠬᠤᠷᠢᠶᠠᠨ ᠠᠪᠤᠭᠠᠳ ᠪᠠᠶᠢᠨ᠎ᠠ᠃
ᠥᠩᠭᠡᠷᠡᠭᠰᠡᠨ ᠣᠨ ᠲᠠᠢ ᠬᠠᠷᠢᠴᠠᠭᠤᠯᠬᠤ ᠳᠤ 172.6 ᠮᠢᠩᠭᠠᠨ ᠲᠣᠨ ᠦᠷ᠎ᠡ ᠲᠠᠷᠢᠶ᠎ᠠ ᠢᠯᠡᠭᠦᠦ ᠬᠤᠷᠢᠶᠠᠨ ᠠᠪᠴᠠᠢ᠃ ᠢᠩᠭᠢᠭᠰᠡᠨ ᠢᠶᠡᠷ ᠮᠠᠨ ᠤ ᠤᠯᠤᠰ ᠤᠯᠠᠭᠠᠨ ᠪᠤᠭᠤᠳᠠᠢ ᠶᠢᠨ ᠪᠣᠯᠤᠨ ᠲᠥᠮᠦᠰᠦᠨ ᠦ ᠳᠣᠲᠣᠭᠠᠳᠤ ᠶᠢᠨ ᠬᠡᠷᠡᠭᠴᠡᠭᠡ ᠶᠢ 100 ᠬᠤᠪᠢ ᠬᠠᠩᠭᠠᠬᠤ ᠪᠣᠯᠤᠮᠵᠢ ᠪᠦᠷᠢᠳᠦᠭᠰᠡᠨ ᠲᠠᠯ᠎ᠠ ᠪᠠᠷ ᠤᠷᠭᠤᠴᠠ ᠶᠢᠨ ᠲᠥᠪ ᠱᠲ᠋ᠠᠪ ᠠᠴᠠ ᠮᠡᠳᠡᠭᠡᠯᠡᠵᠦ ᠪᠠᠶᠢᠨ᠎ᠠ᠃
ᠬᠠᠪᠤᠷ ᠤᠨ ᠲᠠᠷᠢᠶᠠᠯᠠᠯᠲᠠ ᠂ ᠨᠠᠮᠤᠷ ᠤᠨ ᠤᠷᠭᠤᠴᠠ ᠬᠤᠷᠢᠶᠠᠯᠲᠠ ᠶᠢ ᠬᠡᠪ ᠦᠨ ᠶᠠᠪᠤᠭᠤᠯᠬᠤ ᠳᠤ ᠨᠢ ᠲᠠᠷᠢᠶᠠᠯᠠᠩᠴᠢᠳ ᠲᠤ ᠪᠦᠬᠦ ᠲᠠᠯ᠎ᠠ ᠶᠢᠨ ᠳᠡᠮᠵᠢᠯᠭᠡ ᠦᠵᠡᠭᠦᠯᠦᠭᠰᠡᠨ ᠢᠶᠡᠷ ᠡᠨᠡ ᠵᠢᠯ ᠤᠷᠢᠳᠤ ᠣᠨ ᠨᠤᠭᠤᠳ ᠠᠴᠠ ᠲᠠᠷᠢᠶᠠᠯᠠᠯᠲᠠ ᠡᠷᠡᠰ ᠨᠡᠮᠡᠭᠳᠡᠨ᠂ ᠠᠷᠪᠢᠨ ᠤᠷᠭᠤᠴᠠ ᠬᠤᠷᠢᠶᠠᠨ ᠠᠪᠤᠭᠠᠳ ᠪᠠᠶᠢᠨ᠎ᠠ᠃ ᠵᠠᠰᠠᠭ ᠤᠨ ᠭᠠᠵᠠᠷ ᠠᠴᠠ ᠳᠣᠯᠣᠭᠠᠨ ᠠᠶᠢᠮᠠᠭ ᠤᠨ 60 ᠰᠤᠮᠤ ᠶᠢᠨ 113 ᠪᠠᠭ ᠢ ᠭᠠᠵᠠᠷ ᠲᠠᠷᠢᠶᠠᠯᠠᠩ ᠤᠨ ᠪᠥᠰᠡ ᠨᠤᠲᠤᠭ ᠢᠶᠠᠷ ᠲᠣᠭᠲᠠᠭᠠᠨ ᠬᠠᠰᠢᠶᠠᠵᠢᠭᠤᠯᠬᠤ ᠠᠵᠢᠯ ᠢ ᠡᠬᠢᠯᠡᠭᠦᠯᠦᠨ᠂ ᠭᠠᠵᠠᠷ ᠲᠠᠷᠢᠶᠠᠯᠠᠩ ᠤᠨ ᠰᠠᠯᠪᠤᠷᠢ ᠳᠤ ᠦᠷ᠎ᠡ᠂ ᠰᠤᠷᠲ ᠂ ᠲᠧᠭᠨᠢᠭ ᠦᠨ ᠰᠢᠨᠡᠴᠢᠯᠡᠯ ᠬᠢᠵᠦ᠂ ᠤᠰᠤᠯᠠᠭ᠎ᠠ ᠲᠠᠢ ᠲᠠᠯᠠᠪᠠᠢ ᠶᠢ ᠨᠡᠮᠡᠭᠳᠡᠭᠦᠯᠬᠦ ᠪᠣᠳᠣᠯᠭ᠎ᠠ ᠪᠠᠷᠢᠮᠲᠠᠯᠠᠨ ᠠᠵᠢᠯᠯᠠᠵᠤ ᠢᠷᠡᠭᠰᠡᠨ ᠶᠤᠮ ᠭᠡᠳᠡᠭ ᠢ ᠬᠦᠳᠡᠭᠡ ᠠᠵᠤ ᠠᠬᠤᠢ ᠶᠢᠨ ᠶᠠᠮᠤᠨ ᠠᠴᠠ ᠣᠨᠴᠠᠯᠠᠵᠤ ᠪᠠᠶᠢᠨ᠎ᠠ᠃