ᠮᠣᠩᠭᠣᠯ ᠤᠯᠤᠰ ᠤᠨ ᠶᠡᠷᠦᠩᠬᠡᠶᠢᠯᠡᠭᠴᠢ ᠬ∙ᠪᠠᠲᠤᠲᠤᠯᠭ᠎ᠠ ᠥᠴᠥᠭᠡᠳᠦᠷ ᠣᠯᠠᠨ ᠤᠯᠤᠰ ᠤᠨ ᠤᠯᠢᠮᠫᠢᠺ ᠤᠨ ᠬᠣᠯᠪᠣᠭᠠᠨ ᠤ ᠶᠡᠷᠦᠩᠬᠡᠶᠢᠯᠡᠭᠴᠢ ᠲᠣᠮᠠᠰ ᠪᠠᠾ ᠲᠠᠢ ᠠᠭᠤᠯᠵᠠᠯ᠎ᠠ᠃ ᠨᠣᠶᠠᠨ ᠲᠣᠮᠠᠰ ᠪᠠᠾ ᠂ ︽ᠠᠽᠢᠶᠠᠶᠢᠨ ᠬᠡᠦᠬᠡᠳ ᠦᠨ ᠶᠡᠬᠡ ᠨᠠᠭᠠᠳᠤᠮ-2020︾ᠮᠣᠩᠭᠣᠯ ᠤᠯᠤᠰ ᠤᠨ ᠨᠡᠶᠢᠰᠯᠡᠯ ᠤᠯᠠᠭᠠᠨᠪᠠᠭᠠᠲᠤᠷ ᠬᠤᠲᠠ ᠳᠤ ᠪᠣᠯᠬᠤ ᠭᠡᠵᠦ ᠪᠤᠢ ᠲᠠᠢ ᠬᠣᠯᠪᠣᠭᠳᠠᠭᠤᠯᠤᠨ ᠤᠯᠢᠮᠫᠢᠺ ᠤᠨ ᠬᠣᠷᠢᠶᠠᠨ ᠤ ᠬᠢᠨ ᠵᠠᠯᠠᠭᠤ ᠲᠠᠮᠢᠷᠴᠢᠳ ᠢ ᠮᠡᠷᠭᠡᠵᠢᠯ ᠦᠨ ᠠᠷᠭ᠎ᠠ ᠵᠦᠢ ᠪᠡᠷ ᠰᠤᠷᠭᠠᠵᠤ᠂ ᠰᠫᠣᠷᠲ ᠤᠨ ᠠᠮᠵᠢᠯᠲᠠ ᠭᠠᠷᠭᠠᠬᠤ ᠳᠤ ᠨᠢ ᠲᠦᠯᠬᠢᠴᠡ ᠦᠵᠡᠭᠦᠯᠵᠦ ᠪᠠᠶᠢᠭ᠎ᠠ ᠲᠠᠯ᠎ᠠ ᠪᠠᠷ ᠢᠶᠠᠨ ᠶᠡᠷᠦᠩᠬᠡᠶᠢᠯᠡᠭᠴᠢ ᠬ∙ᠪᠠᠲᠤᠲᠤᠯᠭ᠎ᠠ ᠳᠤ ᠲᠠᠨᠢᠯᠴᠠᠭᠤᠯᠤᠭᠰᠠᠨ ᠶᠤᠮ᠃
ᠬ ∙ ᠪᠠᠲᠤᠲᠤᠯᠭ᠎ᠠ ︽ᠠᠽᠢᠶ᠎ᠠ ᠶᠢᠨ ᠬᠡᠦᠬᠡᠳ ᠦᠨ ᠶᠡᠬᠡ ᠨᠠᠭᠠᠳᠤᠮ-2020︾ ᠍ ᠶᠢ ᠵᠣᠬᠢᠶᠠᠨ ᠪᠠᠶᠢᠭᠤᠯᠬᠤ ᠪᠡᠯᠡᠳᠬᠡᠯ ᠠᠵᠢᠯ ᠢᠶᠠᠨ ᠬᠠᠩᠭᠠᠵᠤ ᠪᠤᠢ ᠲᠠᠯ᠎ᠠ ᠪᠠᠷ ᠢᠶᠠᠨ ᠲᠠᠨᠢᠯᠴᠠᠭᠤᠯᠵᠤ᠂ ︽ ᠤᠯᠢᠮᠫᠢᠺ ᠡᠪ ᠨᠢᠭᠡᠳᠦᠯ ︾ᠬᠥᠲᠥᠯᠪᠦᠷᠢ ᠶᠢᠨ ᠬᠦᠷᠢᠶᠡᠨ ᠳᠦ ᠮᠠᠨ ᠤ ᠤᠯᠤᠰ ᠤᠨ ᠲᠠᠮᠢᠷᠴᠢᠳ ᠲᠤ ᠥᠭᠴᠦ ᠪᠤᠢ ᠲᠡᠳᠬᠦᠯᠭᠡ ᠪᠣᠯᠤᠭᠠᠳ ᠵᠠᠷᠢᠮ ᠰᠫᠣᠷᠲ ᠤᠨ ᠲᠥᠷᠥᠯ ᠳᠦ ᠮᠡᠷᠭᠡᠵᠢᠯ ᠦᠨ ᠠᠷᠭ᠎ᠠ ᠵᠦᠢ ᠪᠡᠷ ᠬᠠᠩᠭᠠᠵᠤ ᠪᠤᠢ ᠳᠤ ᠨᠢ ᠲᠠᠯᠠᠷᠬᠠᠯ ᠢᠯᠡᠷᠬᠡᠶᠢᠯᠡᠯ᠎ᠡ᠃