《ᠳ᠋ᠠᠺᠠᠷ -2019》 ᠷᠠᠯᠯᠢ 41 ᠳ᠋ᠡᠬᠢ ᠤᠳᠠᠭ᠎ᠠ ᠶᠢᠨ ᠤᠷᠤᠯᠳᠤᠭᠠᠨ 2019 ᠣᠨ ᠤ ᠨᠢᠭᠡᠳᠦᠭᠡᠷ ᠰᠠᠷ᠎ᠠ ᠶᠢᠨ 06-17 ᠍ ᠤ ᠡᠳᠦᠷ ᠦᠳ ᠲᠦ ᠫᠸᠷᠤ᠋ ᠳᠤ ᠵᠣᠬᠢᠶᠠᠨ ᠪᠠᠶᠢᠭᠤᠯᠤᠭᠳᠠᠨ᠎ᠠ᠃ ᠷᠠᠯᠯᠢ ᠳᠤ ᠮᠣᠩᠭᠣᠯ ᠤᠯᠤᠰ ᠢ ᠲᠥᠯᠥᠭᠡᠯᠡᠨ ᠲᠦᠷᠦᠭᠰᠡᠨ ᠠᠬ᠎ᠠ ᠳᠡᠭᠦᠰ ᠪᠣᠯᠬᠤ ᠥ᠊∙ᠪᠢᠮᠪᠠᠳᠡᠯᠭᠡᠷ᠂ ᠥ᠊∙ᠪᠢᠮᠪᠠᠴᠤᠭᠲᠤ ᠦᠷᠢᠰᠦᠯᠳᠦᠬᠦ ᠶᠤᠮ ᠪᠠᠶᠢᠨ᠎ᠠ᠃ ᠲᠡᠳᠡ ᠮᠣᠩᠭᠣᠯ ᠠᠴᠠ ᠠᠩᠬ᠎ᠠ ᠤᠳᠠᠭ᠎ᠠ SXS ᠲᠥᠷᠥᠯ ᠪᠤᠶᠤ UTV ᠠᠩᠭᠢᠯᠠᠯ ᠳᠤ ᠤᠷᠤᠯᠳᠤᠬᠤ ᠪᠠᠷ ᠪᠡᠯᠡᠳᠬᠡᠯ ᠢᠶᠡᠨ ᠬᠠᠩᠭᠠᠵᠠᠢ᠃ ᠲᠤᠰ ᠠᠩᠭᠢᠯᠠᠯ ᠨᠢ 5000 ᠺᠢᠯᠣᠮᠧᠲ᠋ᠷ ᠡᠯᠡᠰᠦᠨ ᠴᠥᠯ ᠢ ᠲᠤᠭᠤᠯᠬᠤ ᠤᠷᠤᠯᠳᠤᠭᠠᠨ ᠪᠥᠭᠡᠳ ᠠᠷᠪᠠᠨ ᠦᠶ᠎ᠡ ᠱᠠᠲᠤ ᠲᠠᠢ ᠪᠠᠷ ᠶᠠᠪᠤᠭᠳᠠᠳᠠᠭ ᠶᠤᠮ᠃ ᠠᠦ᠋ᠲ᠋ᠣ᠋ ᠰᠫᠣᠷᠲ ᠤᠨ ᠣᠯᠠᠨ ᠤᠯᠤᠰ ᠤᠨ ᠬᠡᠮᠵᠢᠶᠡᠨ ᠦ ᠮᠠᠰᠲ᠋ᠸᠷ ᠥ᠊∙ᠪᠢᠮᠪᠠᠳᠡᠯᠭᠡᠷ ᠮᠣᠩᠭᠣᠯ ᠤᠨ ᠠᠦ᠋ᠲ᠋ᠣ᠋ ᠰᠫᠣᠷᠲ ᠤᠨ 23 ᠵᠢᠯ ᠦᠨ ᠲᠡᠦᠬᠡ ᠲᠡᠢ ᠬᠠᠮᠤᠭ ᠤᠨ ᠲᠣᠮᠣ ᠤᠷᠤᠯᠳᠤᠭᠠᠨ ᠳᠤ ᠭᠤᠷᠪᠠᠨ ᠵᠢᠯ ᠳᠠᠷᠠᠭᠠᠯᠠᠨ ᠣᠷᠣᠯᠴᠠᠵᠤ᠂ ᠬᠣᠶᠠᠷ ᠠᠯᠲᠠ᠂ ᠨᠢᠭᠡ ᠮᠥᠩᠭᠥᠨ ᠮᠧᠳᠠᠯ ᠬᠦᠷᠲᠡᠭᠰᠡᠨ᠂ ᠰᠢᠯᠢᠳᠡᠭ ᠲᠠᠮᠢᠷᠴᠢᠨ ᠂ ᠡᠨᠡ ᠤᠳᠠᠭ᠎ᠠ ᠶᠢᠨ ︽ᠳ᠋ᠠᠺᠠᠷ︾ ᠲᠤ ᠪᠠᠭ ᠤᠨ ᠠᠬᠠᠯᠠᠭᠴᠢ᠂ ᠴᠢᠭᠯᠡᠭᠦᠯᠦᠭᠴᠢ ᠪᠡᠷ ᠤᠷᠤᠯᠴᠠᠬᠤ ᠶᠤᠮ ᠪᠠᠶᠢᠨ᠎ᠠ᠃
ᠠᠦ᠋ᠲ᠋ᠣ᠋ ᠰᠫᠣᠷᠲ ᠤᠨ ᠣᠯᠠᠨ ᠤᠯᠤᠰ ᠤᠨ ᠬᠡᠮᠵᠢᠶᠡᠨ ᠦ ᠮᠠᠰᠲ᠋ᠸᠷ ᠥ᠊∙ᠪᠢᠮᠪᠠᠴᠣᠭᠲᠤ ᠶᠢᠨ ᠬᠤᠪᠢ ᠳᠤ ᠲᠦᠷᠦᠭᠰᠡᠨ ᠠᠬ᠎ᠠ ᠥ᠊∙ᠪᠢᠮᠪᠠᠳᠡᠯᠭᠡᠷ ᠦᠨ ᠬᠠᠮᠲᠤ ᠮᠣᠩᠭᠣᠯ ᠤᠨ ᠠᠦ᠋ᠲ᠋ᠣ᠋ ᠰᠫᠣᠷᠲ ᠤᠨ ᠷᠠᠯᠯᠢ ᠠᠩᠭᠢᠯᠠᠯ ᠳᠤ ᠮᠠᠰᠢ ᠪᠣᠭᠣᠨᠢ ᠬᠤᠭᠤᠴᠠᠭᠠᠨ ᠳᠤ ᠥᠨᠳᠥᠷ ᠠᠮᠵᠢᠯᠲᠠ ᠦᠵᠡᠭᠦᠯᠦᠭᠰᠡᠨ ᠴᠢᠳᠠᠪᠤᠷᠢᠯᠢᠭ᠂ ᠲᠤᠷᠰᠢᠯᠭ᠎ᠠ ᠲᠠᠢ ᠲᠠᠮᠢᠷᠴᠢᠨ ᠶᠤᠮ᠃ ᠲᠡᠷᠡ ᠪᠡᠷ ᠡᠨᠡ ᠤᠳᠠᠭ᠎ᠠ ᠵᠢᠯᠣᠭᠣᠴᠢ ᠶᠢᠨ ᠡᠭᠦᠷᠭᠡ ᠭᠦᠢᠴᠡᠳᠭᠡᠨ ᠤᠷᠤᠯᠴᠠᠬᠤ ᠠᠵᠡᠢ᠃