ᠮᠣᠩᠭᠣᠯ ᠪᠠᠩᠭᠢ ᠠᠴᠠ ᠢᠷᠭᠡᠳ ᠦᠨ ᠠᠪᠬᠤ ᠬᠡᠷᠡᠭᠯᠡᠭᠡᠨ ᠦ ᠵᠢᠭᠡᠯᠡ ᠶᠢᠨ ᠳᠡᠭᠡᠳᠦ ᠬᠤᠭᠤᠴᠠᠭ᠎ᠠ ᠶᠢ 30 ᠰᠠᠷ᠎ᠠ ᠪᠠᠶᠢᠬᠤ ᠰᠢᠨ᠎ᠡ ᠵᠢᠷᠤᠮ ᠲᠣᠭᠲᠠᠭᠠᠭᠰᠠᠨ ᠪᠢᠯᠡ᠃ ᠤᠭ ᠵᠢᠷᠤᠮ ᠢᠷᠡᠬᠦ ᠣᠨ ᠤ ᠨᠢᠭᠡᠳᠦᠭᠡᠷ ᠰᠠᠷ᠎ᠠ ᠶᠢᠨ 1 ᠍ᠡᠴᠡ ᠠᠯᠪᠠᠨ ᠶᠣᠰᠣᠭᠠᠷ ᠬᠡᠷᠡᠭᠵᠢᠨ᠎ᠡ ᠃ ︽ᠥᠷᠢ᠂ ᠣᠷᠣᠯᠭ᠎ᠠ ᠶᠢᠨ ᠬᠠᠷᠢᠴᠠᠭ᠎ᠠ ᠪᠠᠨ ᠲᠡᠩᠴᠡᠪᠦᠷᠢᠵᠢᠭᠦᠯᠬᠦ ᠨᠢ ᠡᠷᠦᠬᠡ ᠶᠢᠨ ᠠᠮᠢᠵᠢᠷᠠᠭᠠᠨ ᠳᠤ ᠨᠥᠯᠦᠭᠡᠯᠡᠨ᠎ᠡ᠃ ᠲᠡᠶᠢᠮᠦ ᠡᠴᠡ ᠢᠷᠭᠡᠳ ᠢ ᠬᠡᠲᠦᠷᠬᠡᠢ ᠶᠡᠬᠡ ᠥᠷᠢᠨ ᠳᠦ ᠣᠷᠣᠭᠤᠯᠬᠤ ᠦᠭᠡᠢ ᠶᠢᠨ ᠲᠤᠯᠠᠳᠠ ᠪᠢᠳᠡ ᠳᠡᠭᠡᠷᠡᠬᠢ ᠰᠢᠢᠳᠪᠦᠷᠢ ᠶᠢ ᠭᠠᠷᠭᠠᠭᠰᠠᠨ 》ᠭᠡᠵᠦ ᠮᠣᠩᠭᠣᠯ ᠪᠠᠩᠬᠢ ᠶᠢᠨ ᠶᠡᠷᠦᠩᠬᠡᠶᠢᠯᠡᠭᠴᠢ ᠨ∙ᠪᠠᠶᠠᠷᠲᠤᠰᠠᠶᠢᠬᠠᠨ ᠲᠠᠶᠢᠯᠪᠤᠷᠢᠯᠠᠵᠠᠢ᠃ ᠢᠷᠭᠡᠳ ᠲᠠᠲᠠᠪᠤᠷᠢ ᠶᠢᠨ ᠳᠠᠷᠠᠭᠠᠬᠢ ᠣᠷᠣᠯᠭ᠎ᠠ ᠶᠢᠨ ᠢᠶᠠᠨ ᠬᠠᠮᠤᠭ ᠤᠨ ᠶᠡᠬᠡ ᠳᠦ ᠪᠡᠨ 70 ᠬᠤᠪᠢ ᠶᠢ ᠵᠢᠭᠡᠯᠡ ᠶᠢᠨ ᠦᠨᠳᠦᠰᠦᠨ ᠪᠣᠯᠤᠨ ᠬᠦᠦ ᠶᠢᠨ ᠲᠥᠯᠥᠪᠦᠷᠢ ᠳᠦ ᠤᠯᠭᠤᠬᠤ ᠶᠤᠮ᠃ ᠰᠠᠨᠠᠭᠤᠯᠬᠤ ᠳᠤ ᠢᠫᠣᠲ᠋ᠧᠺ ᠤᠨ ᠵᠢᠭᠡᠯᠡ ᠡᠴᠡ ᠪᠤᠰᠤᠳ ᠵᠢᠭᠡᠯᠡ ᠳᠦ ᠳᠡᠭᠡᠷᠡᠬᠢ ᠰᠢᠢᠳᠪᠦᠷᠢ ᠦᠢᠯᠡᠴᠢᠯᠡᠬᠦ ᠶᠤᠮ᠃
ᠡᠨᠡ ᠣᠨ ᠤ ᠭᠤᠷᠪᠠᠳᠤᠭᠠᠷ ᠤᠯᠠᠷᠢᠯ ᠤᠨ ᠪᠠᠶᠢᠳᠠᠯ ᠢᠶᠠᠷ ᠨᠡᠶᠢᠲᠡ ᠵᠢᠭᠡᠯᠡ ᠶᠢᠨ ᠥᠰᠦᠯᠲᠡ 17.7 ᠬᠤᠪᠢ ᠳᠤ ᠬᠦᠷᠦᠭᠰᠡᠨ ᠴᠤ 11 ᠨᠢᠭᠡᠴᠢ ᠬᠤᠪᠢ ᠶᠢ ᠵᠥᠪᠬᠡᠨ ᠬᠡᠷᠡᠭᠯᠡᠭᠡᠨ ᠦ ᠵᠣᠷᠢᠭᠤᠯᠤᠯᠲᠠ ᠲᠠᠢ ᠵᠢᠭᠡᠯᠡ ᠪᠦᠷᠢᠳᠦᠭᠦᠯᠵᠦ ᠪᠠᠶᠢᠭ᠎ᠠ ᠲᠡᠳᠦᠢ ᠦᠭᠡᠢ ᠰᠡᠭᠦᠯ ᠦᠨ ᠳᠣᠯᠣᠭᠠᠨ ᠤᠯᠠᠷᠢᠯ ᠳᠠᠷᠠᠭᠠᠯᠠᠵᠤ ᠬᠡᠷᠡᠭᠯᠡᠭᠡᠨ ᠦ ᠵᠢᠭᠡᠯᠡ ᠨᠡᠮᠡᠭᠳᠡᠭᠰᠡᠨ ᠪᠠᠶᠢᠨ᠎ᠠ᠃