ᠤᠯᠠᠭᠠᠨ ᠪᠤᠭᠤᠳᠠᠢ ᠶᠢᠨ ᠨᠢᠭᠡ ᠭᠠ ᠲᠠᠯᠠᠪᠠᠢ ᠠᠴᠠ ᠠᠪᠬᠤ ᠤᠷᠭᠤᠴᠠ ᠶᠢᠨ ᠬᠡᠮᠵᠢᠶ᠎ᠡ ᠥᠰᠦᠭᠰᠡᠨ ᠢ ᠰᠠᠯᠪᠤᠷᠢ ᠶᠢᠨ ᠶᠠᠮᠤᠨ ᠠᠴᠠ ᠮᠡᠳᠡᠭᠡᠯᠡᠵᠦ ᠪᠠᠶᠢᠨ᠎ᠠ᠃ ᠲᠣᠳᠣᠷᠠᠭᠤᠯᠪᠠᠯ᠂ ᠥᠩᠭᠡᠷᠡᠭᠰᠡᠨ ᠣᠨ ᠳᠤ ᠨᠢᠭᠡ ᠭᠠ ᠠᠴᠠ 8.48 ᠼᠧᠨᠲᠷ ᠦᠷ᠎ᠡ ᠲᠠᠷᠢᠶ᠎ᠠ ᠬᠤᠷᠢᠶᠠᠨ ᠠᠪᠴᠤ ᠪᠠᠶᠢᠭᠰᠠᠨ ᠪᠣᠯ ᠡᠨᠡ ᠣᠨ ᠳᠤ ᠨᠢᠭᠡ ᠭᠠ ᠠᠴᠠ ᠳᠤᠮᠳᠠᠴᠢ ᠪᠠᠷ 14 ᠼᠧᠨᠲᠷ ᠦᠷ᠎ᠡ ᠲᠠᠷᠢᠶ᠎ᠠ ᠬᠤᠷᠢᠶᠠᠨ ᠠᠪᠴᠠᠢ᠃ ᠣᠳᠣ ᠶᠢᠨ ᠪᠠᠶᠢᠳᠠᠯ ᠢᠶᠠᠷ 48.2 ᠮᠢᠩᠭᠠᠨ ᠭᠠ ᠢ ᠠᠩᠭᠢᠯᠠᠨ ᠬᠠᠳᠤᠵᠤ ᠨᠡᠶᠢᠲᠡ ᠳᠦ ᠪᠡᠨ 257.1 ᠮᠢᠩᠭᠠᠨ ᠭᠠ ᠠᠴᠠ 342.1 ᠮᠢᠩᠭᠠᠨ ᠲᠣᠨ ᠦᠷ᠎ᠡ ᠲᠠᠷᠢᠶ᠎ᠠ᠂ ᠡᠭᠦᠨ ᠡᠴᠡ 330.4 ᠮᠢᠩᠭᠠᠨ ᠲᠣᠨ ᠤᠯᠠᠭᠠᠨ ᠪᠤᠭᠤᠳᠠᠢ ᠂ 12.8 ᠮᠢᠩᠭᠠᠨ ᠭᠠ ᠠᠴᠠ 160.1 ᠮᠢᠩᠭᠠᠨ ᠲᠣᠨ ᠲᠥᠮᠥᠰᠥ᠂ 8.2 ᠮᠢᠩᠭᠠᠨ ᠭᠠ ᠠᠴᠠ 91.8 ᠮᠢᠩᠭᠠᠨ ᠲᠣᠨ ᠬᠦᠨᠡᠰᠦᠨ ᠦ ᠨᠣᠭᠣᠭ᠎ᠠ ᠲᠤᠰ ᠲᠤᠰ ᠬᠤᠷᠢᠶᠠᠨ ᠠᠪᠤᠭᠰᠠᠨ ᠢᠶᠠᠷ ᠦᠷ᠎ᠡ ᠲᠠᠷᠢᠶᠠᠨ ᠤ ᠬᠤᠷᠢᠶᠠᠯᠲᠠ 75.3 ᠬᠤᠪᠢ᠂ ᠲᠥᠮᠥᠰᠥ᠂ ᠬᠦᠨᠡᠰᠦᠨ ᠦ ᠨᠣᠭᠣᠭᠠᠨ ᠤ ᠬᠤᠷᠢᠶᠠᠯᠲᠠ 98.8 ᠬᠤᠪᠢ ᠶᠢᠨ ᠶᠠᠪᠤᠴᠠ ᠲᠠᠢ ᠪᠠᠶᠢᠨ᠎ᠠ᠃
7 ᠳ᠋ᠤᠭᠠᠷ ᠰᠠᠷ᠎ᠠ ᠶᠢᠨ ᠰᠡᠭᠦᠯᠴᠢ ᠡᠴᠡ 8 ᠳ᠋ᠤᠭᠠᠷ ᠰᠠᠷ᠎ᠠ ᠶᠢᠨ ᠳᠤᠮᠳᠠ ᠬᠦᠷᠲᠡᠯ᠎ᠡ ᠦᠷᠭᠦᠯᠵᠢᠯᠡᠨ ᠣᠷᠣᠭᠰᠠᠨ ᠪᠣᠷᠣᠭ᠎ᠠ᠂ ᠮᠥᠨ 9 ᠳ᠋ᠤᠭᠡᠷ ᠰᠠᠷ᠎ᠠ ᠶᠢᠨ ᠡᠬᠢᠨ᠂ ᠳᠤᠮᠳᠠ ᠦᠶ᠎ᠡ ᠳᠦ ᠣᠷᠣᠭᠰᠠᠨ ᠴᠠᠰᠤᠨ ᠠᠴᠠ ᠰᠢᠯᠲᠠᠭᠠᠯᠠᠵᠤ 80 ᠣᠷᠴᠢᠮ ᠮᠢᠩᠭᠠᠨ ᠭᠠ ᠲᠠᠯᠠᠪᠠᠢ ᠡᠷᠡᠰᠳᠡᠯ ᠳᠦ ᠣᠷᠣᠵᠠᠢ᠃ ᠡᠭᠦᠨ ᠦ 30 ᠣᠷᠴᠢᠮ ᠮᠢᠩᠭᠠᠨ ᠭᠠ ᠨᠢ ᠨᠣᠭᠣᠭᠠᠨ ᠲᠡᠵᠢᠭᠡᠯ ᠤᠷᠤᠭᠤ ᠰᠢᠯᠵᠢᠭᠰᠡᠨ ᠪᠠᠶᠢᠨ᠎ᠠ᠃ ᠬᠡᠳᠦᠢ ᠪᠡᠷ ᠪᠠᠶᠢᠭᠠᠯᠢ᠂ ᠴᠠᠭ ᠠᠭᠠᠷ ᠠᠴᠠ ᠰᠢᠯᠲᠠᠭᠠᠯᠠᠭᠰᠠᠨ ᠬᠡᠳᠦ᠂ ᠬᠡᠳᠦᠨ ᠬᠦᠨᠳᠦᠷᠡᠯ ᠭᠠᠷᠤᠭᠰᠠᠨ ᠴᠤ ᠤᠯᠤᠰ ᠤᠨ ᠬᠡᠮᠵᠢᠶᠡᠨ ᠳᠦ ᠨᠥᠯᠥᠭᠡᠯᠡᠬᠦᠶᠢᠴᠡ ᠬᠣᠬᠢᠷᠠᠯ ᠤᠴᠠᠷᠠᠭ᠎ᠠ ᠦᠭᠡᠢ᠃ ᠤᠯᠠᠭᠠᠨ ᠪᠤᠭᠤᠳᠠᠢ ᠂ ᠲᠥᠮᠥᠰᠥ ᠪᠡᠨ ᠳᠣᠲᠣᠭᠠᠳᠤ ᠳᠤ ᠪᠠᠨ 100 ᠬᠤᠪᠢ ᠬᠠᠩᠭᠠᠨ᠎ᠠ ᠬᠡᠮᠡᠨ ᠬᠦᠳᠡᠭᠡ ᠠᠵᠤ ᠠᠬᠤᠢ ᠶᠢᠨ ᠰᠠᠶᠢᠳ ᠪ∙ ᠪᠠᠲᠤᠵᠤᠷᠢᠭ ᠣᠨᠴᠠᠯᠠᠪᠠ᠃