ᠮᠣᠩᠭᠣᠯ ᠣᠷᠣᠨ ᠤ ᠠᠶᠠᠯᠠᠯ ᠵᠢᠭᠤᠯᠴᠢᠯᠠᠯ ᠤᠨ ᠲᠤᠯᠭᠠᠭᠤᠷᠢ ᠪᠥᠰᠡ ᠪᠣᠯᠤᠭᠰᠠᠨ ᠬᠥᠪᠰᠥᠭᠥᠯ ᠠᠶᠢᠮᠠᠭ ᠢ ᠵᠣᠷᠢᠬᠤ ᠭᠠᠳᠠᠭᠠᠳᠤ ᠳᠣᠲᠣᠭᠠᠳᠤ ᠶᠢᠨ ᠵᠢᠭᠤᠯᠴᠢᠳ ᠤᠨ ᠲᠣᠭ᠎ᠠ ᠵᠢᠯ ᠡᠴᠡ ᠵᠢᠯ ᠳᠦ ᠨᠡᠮᠡᠭᠳᠡᠭᠰᠡᠭᠡᠷ ᠪᠠᠶᠢᠨ᠎ᠠ᠃ ᠲᠤᠬᠠᠶᠢᠯᠠᠪᠠᠯ᠂ ᠡᠨᠡ ᠣᠨ ᠤ ᠶᠢᠰᠦᠳᠦᠭᠡᠷ ᠰᠠᠷ᠎ᠠ ᠶᠢᠨ ᠪᠠᠶᠢᠳᠠᠯ ᠢᠶᠠᠷ ᠳᠣᠲᠣᠭᠠᠳᠤ ᠶᠢᠨ 92147᠂ ᠭᠠᠳᠠᠭᠠᠳᠤ ᠶᠢᠨ 8998 ᠵᠢᠭᠤᠯᠴᠢᠨ ᠵᠣᠴᠢᠯᠠᠭᠰᠠᠨ ᠭᠡᠵᠦ ᠬᠥᠪᠰᠥᠭᠥᠯ ᠠᠶᠢᠮᠠᠭ ᠤᠨ ᠪᠠᠶᠢᠭᠠᠯᠢ ᠣᠷᠴᠢᠨ ᠠᠶᠠᠯᠠᠯ ᠵᠢᠭᠤᠯᠴᠢᠯᠠᠯ ᠤᠨ ᠭᠠᠵᠠᠷ ᠤᠨ ᠮᠡᠷᠭᠡᠵᠢᠯᠲᠡᠨ ᠳ∙ᠳᠤᠯᠮᠠᠰᠦ᠋ᠷᠦᠩ ᠶᠠᠷᠢᠪᠠ᠃
ᠥᠩᠭᠡᠷᠡᠭᠰᠡᠨ ᠵᠢᠯ ᠦᠳ ᠲᠦ ᠭᠠᠳᠠᠭᠠᠳᠤ ᠶᠢᠨ 5000-8000᠂ ᠳᠣᠲᠣᠭᠠᠳᠤ ᠶᠢᠨ 60-70 ᠮᠢᠩᠭ᠎ᠠ ᠣᠷᠴᠢᠮ ᠵᠢᠭᠤᠯᠴᠢᠨ ᠢᠷᠡᠵᠦ ᠪᠠᠶᠢᠭᠰᠠᠨ ᠪᠣᠯ ᠡᠨᠡ ᠵᠢᠯ ᠡᠷᠡᠰ ᠨᠡᠮᠡᠭᠳᠡᠭᠰᠡᠨ ᠪᠠᠶᠢᠨ᠎ᠠ᠃ ᠵᠢᠭᠤᠯᠴᠢᠳ ᠤᠨ ᠲᠣᠭ᠎ᠠ ᠶᠢ ᠨᠡᠮᠡᠭᠳᠡᠭᠦᠯᠬᠦ ᠶᠢᠨ ᠲᠤᠯᠠᠳᠠ ︽ᠮᠥᠰᠦᠨ ᠦ ᠪᠠᠶᠠᠷ》᠂ ︽ᠴᠠᠲᠠᠨ ᠹᠧᠰᠲ᠋ᠢᠸᠠᠯᠢ︾᠂ ︽ᠰᠠᠷᠯᠤᠭ ᠤᠨ ᠪᠠᠶᠠᠷ ︾᠂ ︽ᠠᠯᠤᠩᠭᠤᠸ᠎ᠠ ᠡᠬᠡ ᠶᠢᠨ ᠰᠤᠷᠭᠠᠯ ︾ ᠤᠨ ᠪᠠᠶᠠᠷ ᠵᠡᠷᠭᠡ ᠶᠢ ᠲᠣᠭᠲᠠᠮᠠᠯᠵᠢᠭᠤᠯᠤᠭᠰᠠᠨ ᠪᠥᠭᠡᠳ 50-100 ᠴᠣᠭᠴᠠᠯᠠᠪᠤᠷᠢ᠂ ᠣᠩᠭᠣᠳ ᠲᠥᠪ ᠵᠡᠷᠭᠡ ᠪᠦᠲᠦᠭᠡᠨ ᠪᠠᠶᠢᠭᠤᠯᠤᠯᠲᠠ ᠶᠢᠨ ᠠᠵᠢᠯ ᠢ ᠬᠢᠵᠦ ᠪᠠᠶᠢᠭ᠎ᠠ ᠭᠡᠨ᠎ᠡ᠃