ᠥᠨᠥᠳᠥᠷ ᠮᠣᠩᠭᠣᠯ ᠤᠯᠤᠰ ᠲᠤ ᠠᠯᠪᠠᠨ ᠶᠣᠰᠣᠨ ᠤ ᠠᠶᠢᠯᠴᠢᠯᠠᠯ ᠬᠢᠵᠦ ᠪᠤᠢ ᠬᠤᠯᠪᠤᠭᠠᠨ ᠤ ᠪᠦᠭᠦᠳᠡ ᠨᠠᠶᠢᠷᠠᠮᠳᠠᠬᠤ ᠭᠸᠷᠮᠡᠨ ᠤᠯᠤᠰ᠍ ᠤᠨ ᠪᠠᠲᠤᠯᠠᠨ ᠬᠠᠮᠠᠭᠠᠯᠠᠬᠤ ᠶᠢᠨ ᠰᠠᠶᠢᠳ ᠬᠠᠲᠤᠭᠲᠠᠢ ᠳ᠋ᠣᠺᠲ᠋ᠣᠷ ᠤᠷᠰᠤᠯᠠ ᠹᠣᠨ ᠳ᠋ᠸ᠋ᠷ ᠯᠠᠶᠢᠨ ᠮᠣᠩᠭᠣᠯ ᠤᠯᠤᠰ ᠤᠨ ᠪᠠᠲᠤᠯᠠᠨ ᠬᠠᠮᠠᠭᠠᠯᠠᠬᠤ ᠶᠢᠨ ᠰᠠᠶᠢᠳ ᠨ∙ᠡᠩᠬᠡᠪᠣᠯᠤᠳ ᠲᠠᠢ ᠠᠯᠪᠠᠨ ᠶᠣᠰᠣᠨ ᠤ ᠬᠡᠯᠡᠯᠴᠡᠭᠡ ᠬᠢᠯ᠎ᠡ᠃
ᠨ∙ᠡᠩᠬᠡᠪᠣᠯᠤᠳ᠄ ᠥᠩᠭᠡᠷᠡᠭᠰᠡᠨ ᠣᠨ ᠵᠢᠯ ᠦᠳ ᠲᠦ ᠮᠠᠨ ᠤ ᠬᠣᠶᠠᠷ ᠣᠷᠣᠨ ᠤ ᠬᠠᠷᠢᠯᠴᠠᠭ᠎ᠠ ᠢᠵᠢ ᠪᠦᠷᠢᠨ ᠲᠦᠩᠰᠢᠯᠡᠯ ᠦᠨ ᠬᠡᠮᠵᠢᠶᠡᠨ ᠳᠦ ᠬᠦᠷᠴᠦ᠂ ᠪᠦᠬᠦᠢ ᠯᠠ ᠰᠠᠯᠪᠤᠷᠢ ᠳᠤ ᠥᠷᠭᠡᠵᠢᠨ ᠬᠥᠭᠵᠢᠵᠦ ᠪᠠᠶᠢᠨ᠎ᠠ᠃ ᠮᠣᠩᠭᠣᠯ ᠤᠯᠤᠰ ᠠᠷᠠᠳᠴᠢᠯᠠᠭᠰᠠᠨ ᠨᠡᠶᠢᠭᠡᠮ ᠳᠦ ᠰᠢᠯᠵᠢᠵᠦ ᠪᠠᠶᠢᠭᠰᠠᠨ ᠬᠦᠨᠳᠦᠬᠡᠨ ᠦᠶ᠎ᠡ ᠳᠦ ᠭᠸᠷᠮᠡᠨ ᠤᠯᠤᠰ ᠪᠠᠭ᠎ᠠ ᠦᠭᠡᠢ ᠳᠡᠮᠵᠢᠯᠭᠡ ᠦᠵᠡᠭᠦᠯᠵᠦ ᠪᠠᠶᠢᠭᠰᠠᠨ ᠂ ᠮᠣᠩᠭᠣᠯ ᠤᠯᠤᠰ ᠭᠤᠷᠪᠠᠳᠠᠭᠴᠢ ᠬᠥᠷᠰᠢ ᠶᠢᠨ ᠪᠣᠳᠣᠯᠭ᠎ᠠ ᠶᠢᠨ ᠬᠦᠷᠢᠶᠡᠨ ᠳᠦ ᠧᠦ᠋ᠷᠣᠫᠠ ᠶᠢᠨ ᠬᠣᠯᠪᠣᠭᠠᠨ ᠤ ᠤᠯᠤᠰ ᠤᠳ ᠲᠠᠢ ᠨᠡᠭᠡᠭᠡᠯᠲᠡ ᠲᠡᠢ ᠨᠠᠶᠢᠷᠰᠠᠭ ᠬᠠᠷᠢᠯᠴᠠᠭ᠎ᠠ᠂ ᠬᠠᠮᠲᠤ ᠶᠢᠨ ᠠᠵᠢᠯᠯᠠᠭ᠎ᠠ ᠶᠢ ᠬᠥᠭᠵᠢᠭᠦᠯᠵᠦ ᠢᠷᠡᠭᠰᠡᠨ ᠪᠥᠭᠡᠳ ᠡᠭᠦᠨ ᠡᠴᠡ ᠬᠤᠯᠪᠤᠭᠠᠨ ᠤ ᠪᠦᠭᠦᠳᠡ ᠨᠠᠶᠢᠷᠠᠮᠳᠠᠬᠤ ᠭᠸᠷᠮᠡᠨ ᠤᠯᠤᠰ᠍ ᠍ ᠲᠠᠢ ᠬᠠᠮᠤᠭ ᠤᠨ ᠣᠶᠢᠷ᠎ᠠ ᠶᠢᠨ ᠬᠠᠮᠲᠤ ᠶᠢᠨ ᠠᠵᠢᠯᠯᠠᠭ᠎ᠠ ᠲᠠᠢ ᠶᠢ ᠰᠠᠶᠢᠳ ᠣᠨᠴᠠᠯᠠᠯ᠎ᠠ᠃
ᠬᠠᠲᠤᠭᠲᠠᠢ ᠤᠷᠰᠤᠯᠠ ᠹᠣᠨ ᠳ᠋ᠸ᠋ᠷ ᠯᠠᠶᠢᠨ ᠮᠣᠩᠭᠣᠯ ᠤᠯᠤᠰ ᠤᠨ ᠵᠡᠪᠰᠡᠭᠲᠦ ᠬᠦᠴᠦᠨ ᠦ ᠪᠡᠶ᠎ᠡ ᠪᠦᠷᠢᠯᠳᠦᠬᠦᠨ ᠭᠸᠷᠮᠡᠨ ᠦ ᠵᠡᠪᠰᠡᠭᠲᠦ ᠬᠦᠴᠦᠨ ᠲᠡᠢ ᠬᠠᠮᠲᠤᠷᠠᠨ ᠠᠹᠭᠠᠨᠢᠰᠲ᠋ᠠᠨ ᠳᠤ《ᠰᠢᠢᠳᠪᠦᠷᠢᠲᠡᠢ ᠳᠡᠮᠵᠢᠯᠭᠡ 》ᠠᠵᠢᠯᠯᠠᠭᠠᠨ ᠳᠤ 2009 ᠣᠨ ᠠᠴᠠ ᠬᠣᠶᠢᠰᠢ ᠡᠭᠦᠷᠭᠡ ᠭᠦᠢᠴᠡᠳᠭᠡᠵᠦ ᠪᠤᠢ ᠂ ᠬᠠᠮᠲᠤᠷᠠᠨ ᠤᠷᠤᠯᠴᠠᠬᠤ ᠬᠤᠭᠤᠴᠠᠭ᠎ᠠ ᠡᠨᠡ ᠵᠢᠯ ᠳᠠᠭᠤᠰᠬᠠᠪᠤᠷᠢ ᠪᠣᠯᠬᠤ ᠪᠥᠭᠡᠳ ᠮᠣᠩᠭᠣᠯ ᠤᠯᠤᠰ ᠤᠨ ᠦᠨᠳᠦᠰᠦᠨ ᠦ ᠠᠶᠤᠯ ᠦᠭᠡᠢ ᠪᠠᠶᠢᠳᠠᠯ ᠤᠨ ᠵᠥᠪᠯᠡᠯ ᠡᠨᠡ ᠬᠦ ᠬᠤᠭᠤᠴᠠᠭ᠎ᠠ ᠶᠢ ᠰᠤᠩᠭᠠᠬᠤ ᠰᠢᠢᠳᠪᠦᠷᠢ ᠭᠠᠷᠭᠠᠨ᠎ᠠ ᠭᠡᠳᠡᠭ ᠲᠦ ᠡᠷᠡᠭᠡᠯᠵᠡᠬᠦ ᠦᠭᠡᠢ ᠪᠠᠶᠢᠭ᠎ᠠ ᠪᠠᠨ ᠲᠡᠮᠳᠡᠭᠯᠡᠯ᠎ᠡ ᠃