ᠠᠭᠤᠯᠠ ᠠᠭᠤᠷᠬᠠᠢ ᠶᠢᠨ ᠰᠠᠶᠢᠳ ᠳ ∙ ᠰᠤᠮᠢᠶᠠᠪᠠᠽᠠᠷ ᠠᠴᠠ ᠴᠠᠭ ᠦᠶ᠎ᠡ ᠶᠢᠨ ᠠᠰᠠᠭᠤᠳᠠᠯ ᠢᠶᠠᠷ ᠵᠠᠷᠢᠮ ᠵᠦᠢᠯ ᠢ ᠲᠣᠳᠣᠷᠠᠭᠤᠯᠤᠯ᠎ᠠ᠃
– ︽ ᠷᠢᠤ᠋ ᠲᠢᠨᠲ᠋ᠤ᠋ 》 ᠳᠠᠯᠳᠠ ᠠᠭᠤᠷᠬᠠᠢ ᠶᠢᠨ ᠪᠦᠲᠦᠭᠡᠨ ᠪᠠᠶᠢᠭᠤᠯᠤᠯᠲᠠ ᠶᠢᠨ ᠠᠵᠢᠯ ᠢᠶᠠᠨ ᠬᠣᠶᠢᠰᠢᠯᠠᠭᠤᠯᠤᠭᠰᠠᠨ ᠭᠡᠰᠡᠨ ᠮᠡᠳᠡᠭᠡᠯᠡᠯ ᠪᠠᠶᠢᠨ᠎ᠠ᠃ ᠡᠨᠡ ᠲᠠᠯ᠎ᠠ ᠪᠠᠷ ᠢᠶᠠᠨ ᠵᠠᠰᠠᠭ ᠤᠨ ᠭᠠᠵᠠᠷ ᠲᠤ ᠮᠡᠳᠡᠭᠳᠡᠭᠰᠡᠨ ᠦᠦ ︖
-ᠥᠨᠥᠳᠥᠷ ᠲᠤᠰ ᠺᠣᠮᠫᠠᠨᠢ ᠶᠢᠨ ᠤᠳᠤᠷᠢᠳᠤᠯᠭ᠎ᠠ ᠨᠤᠭᠤᠳ ᠢᠷᠡᠵᠦ ᠠᠭᠤᠯᠵᠠᠨ᠎ᠠ᠃ ᠣᠳᠣ ᠶᠢᠨ ᠨᠥᠬᠥᠴᠡᠯ ᠪᠠᠶᠢᠳᠠᠯ ᠪᠣᠯᠤᠨ ᠪᠤᠰᠤᠳ ᠠᠰᠠᠭᠤᠳᠠᠯ ᠢᠶᠠᠷ ᠶᠠᠷᠢᠯᠴᠠᠨ᠎ᠠ᠃ ᠲᠡᠳᠡᠨ ᠦ ᠶᠠᠭᠤ ᠬᠡᠯᠡᠬᠦ ᠶᠢ ᠰᠤᠨᠤᠰᠬᠤ ᠶᠣᠰᠣᠲᠠᠢ᠃ ᠲᠡᠭᠦᠨ ᠦ ᠳᠠᠷᠠᠭ᠎ᠠ ᠠᠰᠠᠭᠤᠳᠠᠯ ᠢ ᠬᠡᠷᠬᠢᠨ ᠰᠢᠢᠳᠪᠦᠷᠢᠯᠡᠬᠦ ᠪᠡᠨ ᠶᠠᠷᠢᠬᠤ ᠶᠣᠰᠣᠲᠠᠢ᠃
-ᠶᠠᠭ ᠶᠠᠮᠠᠷ ᠠᠰᠠᠭᠤᠳᠠᠯ ᠢᠶᠠᠷ ᠠᠭᠤᠯᠵᠠᠬᠤ ᠰᠠᠨᠠᠯ ᠲᠠᠯᠪᠢᠭᠰᠠᠨ ᠪᠤᠢ ︖
-ᠣᠯᠠᠨ ᠠᠰᠠᠭᠤᠳᠠᠯ ᠪᠤᠢ᠃ ᠲᠠᠲᠠᠪᠤᠷᠢ ᠂ ᠳᠠᠯᠳᠠ ᠠᠭᠤᠷᠬᠠᠢ ᠶᠢᠨ ᠪᠦᠲᠦᠭᠡᠨ ᠪᠠᠶᠢᠭᠤᠯᠤᠯᠲᠠ ᠶᠢᠨ ᠶᠠᠪᠤᠴᠠ᠂ ᠡᠷᠴᠢᠮ ᠬᠦᠴᠦᠨ ᠦ ᠡᠬᠢ ᠡᠭᠦᠰᠪᠦᠷᠢ ᠪᠣᠯᠬᠤ ᠴᠠᠬᠢᠯᠭᠠᠨ ᠰᠲ᠋ᠠᠨᠼ ᠤᠨ ᠪᠠᠶᠢᠷᠢᠰᠢᠯ ᠭᠡᠬᠦ ᠮᠡᠲᠦ ᠠᠰᠠᠭᠤᠳᠠᠯ ᠢ ᠶᠠᠷᠢᠵᠤ ᠪᠠᠶᠢᠨ᠎ᠠ᠃ ᠡᠴᠦᠰ ᠦᠨ ᠪᠠᠶᠢᠳᠠᠯ ᠢᠶᠠᠷ ᠰᠢᠢᠳᠪᠦᠷᠢᠯᠡᠭᠰᠡᠨ ᠵᠦᠢᠯ ᠦᠭᠡᠢ᠃
-ᠡᠮᠦᠨ᠎ᠡ ᠨᠢ ᠤᠭ᠍ᠶᠤᠲᠤᠯᠤᠭᠠᠢ ᠶᠢᠨ ᠲᠠᠪᠤᠨ ᠠᠰᠠᠭᠤᠳᠠᠯ ᠳᠡᠭᠡᠷ᠎ᠡ ᠲᠣᠬᠢᠷᠠᠯᠴᠠᠭᠰᠠᠨ ᠭᠡᠵᠦ ᠪᠠᠶᠢᠭᠰᠠᠨ ᠪᠢᠵᠡ ᠳ᠋ᠸ ︖
-ᠡᠬᠢᠨ ᠦ ᠪᠠᠶᠢᠳᠠᠯ ᠢᠶᠠᠷ ᠲᠣᠬᠢᠷᠠᠭᠰᠠᠨ ᠵᠦᠢᠯ ᠪᠠᠶᠢᠬᠤ ᠶᠢ ᠦᠭᠡᠶᠢᠰᠬᠡᠬᠦ ᠦᠭᠡᠢ᠃ ᠡᠴᠦᠰ ᠦᠨ ᠪᠠᠶᠢᠳᠠᠯ ᠢᠶᠠᠷ ᠲᠠᠯ᠎ᠠ ᠨᠤᠭᠤᠳ ᠵᠥᠪᠰᠢᠯᠴᠡᠵᠦ ᠪᠠᠶᠢᠵᠤ ᠭᠠᠷ ᠤᠨ ᠦᠰᠦᠭ ᠵᠢᠷᠤᠵᠤ ᠪᠠᠲᠤᠯᠠᠭᠠᠵᠢᠬᠤ ᠶᠣᠰᠣᠲᠠᠢ᠃
-《ᠰᠧᠨᠲ᠋ᠠᠷᠷᠠ ᠭᠤᠤᠯᠳ᠋ 》 ᠺᠣᠮᠫᠠᠨᠢ ᠮᠣᠩᠭᠣᠯ ᠤᠯᠤᠰ ᠲᠤ ᠡᠵᠡᠮᠰᠢᠳᠡᠭ ᠯᠢᠼᠸᠨᠵ ᠢᠶᠡᠨ ᠵᠠᠷᠤᠭᠰᠠᠨ ᠭᠡᠰᠡᠨ᠃ ᠡᠨᠡ ᠲᠠᠯ᠎ᠠ ᠪᠠᠷ ᠶᠠᠮᠠᠷ ᠮᠡᠳᠡᠭᠡᠯᠡᠯ ᠪᠠᠶᠢᠨ᠎ᠠ ᠪᠤᠢ ︖
-ᠣᠳᠣ ᠪᠠᠷ ᠨᠠᠷᠢᠨ ᠮᠡᠳᠡᠭᠡᠯᠡᠯ ᠦᠭᠡᠢ ᠪᠠᠶᠢᠨ᠎ᠠ᠃ ᠬᠥᠷᠥᠩᠭᠡ ᠶᠢᠨ ᠪᠢᠷᠵᠢ ᠳᠡᠭᠡᠷ᠎ᠡ ᠬᠤᠪᠢᠴᠠᠭ᠎ᠠ ᠠᠷᠠᠯᠵᠢᠶᠠᠯᠠᠭᠰᠠᠨ ᠭᠡᠰᠡᠨ᠃ ᠶᠠᠭ ᠨᠠᠷᠢᠨ ᠮᠡᠳᠡᠵᠦ ᠪᠤᠢ ᠵᠦᠢᠯ ᠠᠯᠠᠭ᠎ᠠ᠃ ᠮᠡᠳᠡᠭᠡᠵᠢ ᠪᠦᠷᠢᠳᠭᠡᠯ ᠢᠶᠡᠨ ᠤᠯᠤᠰ ᠤᠨ ᠪᠦᠷᠢᠳᠬᠡᠯ ᠢᠶᠡᠷ ᠬᠢᠬᠦ ᠶᠣᠰᠣᠲᠠᠢ᠃ ᠲᠡᠭᠦᠨ ᠦ ᠳᠠᠷᠠᠭ᠎ᠠ ᠯᠢᠼᠸᠨᠵ
ᠤᠨ ᠰᠢᠯᠵᠢᠬᠦ ᠬᠥᠳᠡᠯᠭᠡᠭᠡᠨ ᠬᠢᠨ᠎ᠡ᠃ ᠠᠵᠤ ᠠᠬᠤᠢ ᠶᠢᠨ ᠨᠢᠭᠡᠴᠡ ᠨᠦᠭᠦᠳ ᠨᠢ ᠬᠤᠳᠠᠯᠳᠤᠨ ᠠᠪᠤᠭᠰᠠᠨ ᠶᠤᠮ ᠤᠤ᠂ ᠶᠠᠭᠠᠬᠢᠭᠰᠠᠨ ᠭᠡᠳᠡᠭ ᠲᠠᠯ᠎ᠠ ᠪᠠᠷ ᠶᠠᠮᠠᠷ ᠴᠤ ᠣᠶᠢᠯᠠᠭᠠᠯᠲᠠ ᠦᠭᠡᠢ ᠪᠠᠶᠢᠨ᠎ᠠ᠃
– ᠯᠢᠼᠸᠨᠵ ᠢᠶᠠᠨ ᠵᠠᠷᠤᠵᠤ ᠪᠣᠯᠬᠤ ᠶᠤᠮ ᠤᠤ᠃ 34 ᠬᠤᠪᠢ ᠨᠢ ᠮᠣᠩᠭᠣᠯ ᠤᠨ ᠲᠠᠯ᠎ᠠ ᠳᠤ ᠪᠠᠶᠢᠭ᠎ᠠ ᠤᠤ ︖
– ᠪᠢ ᠡᠷᠭᠢᠵᠦ ᠰᠠᠶᠢᠨ ᠬᠠᠷᠠᠬᠤ ᠦᠭᠡᠢ ᠪᠣᠯ ᠬᠡᠯᠡᠵᠦ ᠮᠡᠳᠡᠬᠦ ᠦᠭᠡᠢ ᠪᠠᠶᠢᠨ᠎ᠠ᠃