ᠡᠬᠡ ᠣᠷᠣᠨ᠂ ᠭᠠᠵᠠᠷ ᠨᠤᠲᠤᠭ᠂ ᠬᠣᠶᠢᠴᠢ ᠢᠷᠡᠭᠡᠳᠦᠢ ᠶᠢᠨ ᠢᠶᠡᠨ ᠲᠥᠯᠥᠭᠡ ᠪᠢᠳᠡᠨ ᠦ ᠲᠡᠮᠡᠴᠡᠯ ᠵᠣᠭᠰᠣᠬᠤ ᠦᠭᠡᠢ᠃ ᠲᠡᠮᠡᠴᠡᠯ ᠦᠨ ᠶᠠᠮᠠᠷ ᠴᠤ ᠬᠡᠯᠪᠡᠷᠢ ᠳᠦ ᠰᠢᠯᠵᠢᠬᠦ ᠳᠦ ᠪᠡᠯᠡᠨ ᠭᠡᠳᠡᠭ ᠢᠶᠡᠨ ︽ᠨᠣᠶᠠᠨ ᠠᠭᠤᠯᠠ ᠪᠠᠨ ᠠᠪᠤᠷᠠᠬᠤ ᠬᠥᠳᠡᠯᠭᠡᠭᠡᠨ 》 ᠦ ᠲᠡᠷᠢᠭᠦᠨ ᠣ᠊∙ᠰᠡᠷᠡᠩᠨᠠᠳᠮᠢᠳ ᠥᠨᠥᠳᠥᠷ ᠬᠢᠭᠰᠡᠨ ᠮᠡᠳᠡᠭᠡᠯᠡᠯ ᠦᠨ ᠬᠤᠷᠠᠯ ᠤᠨ ᠦᠶ᠎ᠡ ᠪᠡᠷ ᠢᠯᠡᠷᠬᠡᠶᠢᠯᠡᠪᠡ᠃ ᠲᠡᠷᠡ ᠄ ᠰᠧᠨᠲ᠋ᠧᠷᠷᠠ ᠭᠤᠤᠯᠳ᠋ ᠺᠣᠮᠫᠠᠨᠢ ᠡᠨᠡ ᠰᠠᠷ᠎ᠠ ᠶᠢᠨ 12 ᠍ ᠳᠦ ᠮᠣᠩᠭᠣᠯ ᠳ᠋ᠡᠬᠢ ᠪᠢᠽᠢᠨᠧᠰ ᠢᠶᠡᠨ ᠬᠤᠳᠠᠯᠳᠤᠭᠰᠠᠨ ᠲᠤᠬᠠᠢ ᠪᠠᠨ ᠵᠠᠷᠯᠠᠭᠰᠠᠨ᠃ ᠲᠡᠳᠡ ᠪᠤᠷᠤᠭ᠎ᠠ ᠶᠢᠨ ᠠᠯᠲᠠᠨ ᠤ ᠠᠭᠤᠷᠬᠠᠢ᠂ ᠭᠠᠴᠤᠷᠠᠲᠤ ᠲᠥᠰᠥᠯ ᠢᠶᠡᠨ ᠬᠠᠤᠯᠢ ᠪᠤᠰᠤ ᠪᠠᠷ 35 ᠰᠠᠶ᠎ᠠ ᠳ᠋ᠣᠯᠯᠠᠷ ᠢᠶᠠᠷ ᠵᠠᠷᠤᠭᠰᠠᠨ᠃ ︽ᠨᠣᠶᠠᠨ ᠠᠭᠤᠯᠠ ᠪᠠᠨ ᠠᠪᠤᠷᠠᠬᠤ ᠬᠥᠳᠡᠯᠭᠡᠭᠡᠨ︾ 2016 ᠣᠨ ᠤ 1 ᠳ᠋ᠤᠭᠡᠷ ᠰᠠᠷ᠎ᠠ ᠶᠢᠨ 6 ᠍ ᠤ ᠡᠳᠦᠷ ᠨᠡᠶᠢᠰᠯᠡᠯ ᠦᠨ ᠵᠠᠬᠢᠷᠭᠠᠨ ᠤ ᠬᠡᠷᠡᠭ ᠦᠨ ᠰᠢᠭᠦᠬᠦ ᠳᠦ ᠠᠩᠬ᠎ᠠ ᠨᠡᠬᠡᠮᠵᠢᠯᠡᠯ ᠭᠠᠷᠭᠠᠭᠰᠠᠨ᠃ ᠲᠡᠭᠦᠨ ᠡᠴᠡ ᠬᠣᠶᠢᠰᠢ ᠬᠣᠶᠠᠷ ᠵᠢᠯ ᠥᠩᠭᠡᠷᠡᠯ᠎ᠡ᠃ ᠤᠳᠠᠬᠤ ᠦᠭᠡᠢ 40 ᠳ᠋ᠡᠬᠢ ᠤᠳᠠᠭ᠎ᠠ ᠶᠢᠨ ᠰᠢᠭᠦᠬᠦ ᠬᠤᠷᠠᠯ ᠪᠣᠯᠤᠨ᠎ᠠ᠃ ᠮᠣᠩᠭᠣᠯ ᠤᠯᠤᠰ ᠲᠥᠷᠥ ᠵᠠᠰᠠᠭ᠂ ᠬᠢᠯᠢ ᠬᠢᠵᠠᠭᠠᠷ᠂ ᠬᠠᠤᠯᠢ ᠲᠣᠭᠲᠠᠭᠠᠮᠵᠢ ᠲᠠᠢ ᠲᠤᠰᠠᠭᠠᠷ ᠲᠣᠭᠲᠠᠨᠢᠭᠰᠠᠨ ᠣᠷᠣᠨ᠃ ᠬᠡᠳᠦᠢ ᠪᠡᠷ ︽ᠨᠣᠶᠠᠨ ᠠᠭᠤᠯᠠ ᠪᠠᠨ ᠠᠪᠤᠷᠠᠬᠤ ᠬᠥᠳᠡᠯᠭᠡᠭᠡᠨ 》 ᠨᠡᠬᠡᠮᠵᠢᠯᠡᠯ ᠭᠠᠷᠭᠠᠭᠰᠠᠨ ᠪᠣᠯᠪᠠᠴᠤ ᠡᠨᠡ ᠨᠢ ᠮᠣᠩᠭᠣᠯ ᠤᠨ ᠨᠡᠶᠢᠲᠡ ᠠᠷᠠᠳ ᠲᠦᠮᠡᠨ ᠦ ᠨᠡᠬᠡᠮᠵᠢᠯᠡᠯ ᠭᠡᠳᠡᠭ ᠢ ᠤᠶᠢᠯᠠᠭᠠᠬᠤ ᠬᠡᠷᠡᠭᠲᠡᠢ︾ ᠭᠡᠪᠡ᠃
ᠪᠣᠰᠤᠭ᠎ᠠ ᠬᠥᠬᠡ ᠮᠣᠩᠭᠣᠯ ᠲᠥᠷᠥ ᠶᠢᠨ ᠪᠤᠰᠤ ᠪᠠᠶᠢᠭᠤᠯᠤᠯᠭ᠎ᠠ ᠍ ᠶᠢᠨ ᠭᠡᠰᠢᠭᠦᠨ ᠫ∙ᠰᠢᠨᠵᠢᠭᠡᠷᠠᠪᠲᠠᠨ᠄︽ᠨᠣᠶᠠᠨ ᠠᠭᠤᠯᠠ ᠪᠠᠨ ᠠᠪᠤᠷᠠᠬᠤ ᠬᠥᠳᠡᠯᠭᠡᠭᠡᠨ 》 ᠣ ᠨᠡᠬᠡᠮᠵᠢᠯᠡᠯ ᠲᠡᠢ ᠬᠡᠷᠡᠭ ᠦᠨ ᠰᠢᠭᠦᠬᠦ ᠬᠤᠷᠠᠯ ᠣᠯᠠᠨ ᠤᠳᠠᠭ᠎ᠠ ᠬᠣᠶᠢᠰᠢᠯᠠᠭᠰᠠᠭᠠᠷ 40 ᠳ᠋ᠡᠬᠢ ᠤᠳᠠᠭ᠎ᠠ ᠶᠢᠨ ᠰᠢᠭᠦᠬᠦ ᠬᠤᠷᠠᠯ ᠤᠨ ᠰᠢᠢᠳᠪᠦᠷᠢ ᠪᠡᠷ ᠠᠩᠬᠠᠨ ᠱᠠᠲᠤᠨ ᠤ ᠰᠢᠭᠦᠬᠦ ᠤᠷᠤᠭᠤ ᠬᠡᠷᠡᠭ ᠪᠤᠴᠠᠭᠰᠠᠨ᠃ ᠰᠢᠭᠦᠬᠦ ᠶᠢᠨ ᠬᠡᠷᠡᠭ ᠡᠶᠢᠮᠦ ᠮᠠᠷᠭᠤᠭᠠᠨ ᠲᠠᠢ ᠪᠠᠶᠢᠬᠤ ᠳᠤ ᠭᠠᠳᠠᠨ᠎ᠠ ᠶᠢᠨ ᠬᠣᠶᠠᠷ ᠺᠣᠮᠫᠠᠨᠢ ᠡᠳ᠋ ᠪᠠᠷᠠᠭ᠎ᠠ ᠰᠢᠭ᠋ ᠨᠠᠶᠢᠮᠠᠭ᠎ᠠ ᠬᠢᠵᠦ ᠪᠣᠯᠬᠤ ᠦᠭᠡᠢ᠃ ᠪᠢᠳᠡᠨ ᠦ ᠡᠪᠦᠭᠡ ᠳᠡᠭᠡᠳᠦᠰ ᠶᠠᠭᠤ ᠭᠡᠵᠦ ᠬᠠᠯᠠᠭᠤᠨ ᠠᠮᠢ ᠪᠦᠯᠢᠶᠡᠨ ᠴᠢᠰᠤ ᠪᠠᠨ ᠦᠯᠦ ᠬᠠᠶᠢᠷᠠᠯᠠᠨ ᠪᠢᠳᠡᠨ ᠳᠦ ᠡᠨᠡ ᠭᠠᠵᠠᠷ ᠨᠤᠲᠤᠭ ᠢ ᠦᠯᠡᠳᠡᠭᠡᠭᠰᠡᠨ ᠶᠤᠮ ᠪᠤᠢ᠃ ᠮᠣᠩᠭᠣᠯ ᠤᠯᠤᠰ ᠲᠤᠰᠠᠭᠠᠷ ᠲᠣᠭᠲᠠᠨᠢᠯ ᠢᠶᠠᠨ ᠶᠠᠮᠠᠷ ᠶᠡᠬᠡ ᠦᠨ᠎ᠡ ᠪᠡᠷ ᠣᠯᠵᠤ ᠠᠪᠤᠭᠰᠠᠨ ᠢ ᠡᠷᠬᠡ ᠪᠠᠷᠢᠭᠴᠢᠳ ᠲᠤ ᠮᠡᠳᠡᠷᠡᠭᠦᠯᠦᠨ᠎ᠡ ᠬᠡᠮᠡᠪᠡ᠃