《ᠰᠢᠩᠭᠠᠫᠦᠷ ᠡᠶᠢᠷᠯᠠᠶᠢᠨᠰ 》 ᠺᠣᠮᠫᠠᠨᠢ ᠡᠨᠡ ᠰᠠᠷ᠎ᠠ ᠶᠢᠨ 11 ᠍ ᠦ ᠡᠳᠦᠷ ᠳᠡᠯᠡᠬᠡᠢ ᠶᠢᠨ ᠬᠠᠮᠤᠭ ᠤᠨ ᠤᠷᠲᠤ ᠴᠠᠭ ᠤᠨ ᠨᠢᠰᠦᠯᠭᠡ ᠬᠢᠵᠡᠢ᠃ ᠢᠷᠭᠡᠨ ᠦ ᠨᠢᠰᠬᠦ ᠶᠢᠨ ᠶᠡᠷᠦᠩᠬᠡᠢ ᠭᠠᠵᠠᠷ ᠤᠨ ᠨᠢᠰᠦᠯᠭᠡ ᠶᠢᠨ ᠤᠷᠤᠰᠬᠠᠯ ᠲᠥᠯᠥᠪᠯᠡᠯᠲᠡ ᠶᠢᠨ ᠠᠯᠪᠠᠨ ᠤ ᠮᠡᠳᠡᠭᠡᠯᠡᠭᠰᠡᠨ ᠢᠶᠡᠷ᠂ ᠠᠷᠪᠠᠳᠤᠭᠠᠷ ᠰᠠᠷ᠎ᠠ ᠶᠢᠨ 11-29 ᠍ ᠦ ᠡᠳᠦᠷ ᠦᠳ ᠲᠦ ︽ᠰᠢᠩᠭᠠᠫᠦᠷ ᠡᠶᠢᠷᠯᠠᠶᠢᠨᠰ︾ᠠᠭᠠᠷ ᠤᠨ ᠲᠡᠭᠡᠭᠡᠪᠦᠷᠢᠯᠡᠭᠴᠢ ᠶᠢᠨ Changi-Newark Liberty ᠴᠢᠭᠯᠡᠯ ᠦᠨ ᠨᠡᠶᠢᠲᠡ 36 ᠨᠢᠰᠦᠯᠭᠡ ᠮᠣᠩᠭᠣᠯ ᠤᠯᠤᠰ ᠤᠨ ᠠᠭᠠᠷ ᠤᠨ ᠵᠠᠢ ᠳᠤ ᠨᠢᠰᠦᠯᠭᠡ ᠦᠢᠯᠡᠳᠬᠦ ᠪᠡᠷ ᠲᠥᠯᠥᠪᠯᠡᠭᠳᠡᠨ᠂ ᠵᠥᠪᠰᠢᠶᠡᠷᠡᠯ ᠠᠪᠤᠭᠰᠠᠨ ᠪᠠᠶᠢᠨ᠎ᠠ᠃
ᠳᠡᠭᠡᠷᠡᠬᠢ ᠠᠭᠠᠷ ᠤᠨ ᠲᠡᠭᠡᠭᠡᠪᠦᠷᠢᠯᠡᠭᠴᠢ ᠨᠢ ︽ᠠᠶᠢᠷᠣᠪᠦ᠋ᠰ 350-941︾ ᠮᠠᠶ᠋ᠢᠭ ᠤᠨ ᠠᠭᠠᠷ ᠤᠨ ᠬᠦᠯᠭᠡ ᠪᠡᠷ ᠰᠢᠩᠭᠠᠫᠦᠷ ᠠᠴᠠ ᠨᠢᠦ᠋ ᠶᠤᠷᠺ ᠬᠦᠷᠲᠡᠯ᠎ᠡ ︵16700 ᠺᠢᠯᠣᠮᠧᠲ᠋ᠷ︶ ᠵᠣᠭᠰᠣᠯᠲᠠ ᠦᠭᠡᠢ ᠪᠡᠷ 19 ᠴᠠᠭ ᠨᠢᠰᠦᠯᠭᠡ ᠦᠢᠯᠡᠳᠬᠦ ᠳᠦ ᠪᠡᠨ ᠰᠢᠩᠭᠠᠫᠦᠷ ᠠᠴᠠ ᠬᠣᠶᠢᠳ ᠵᠦᠭ ᠲᠦ ᠺᠠᠮᠪᠤᠵᠠ ᠂ ᠯᠠᠦ᠋ᠰ᠂ ᠬᠢᠲᠠᠳ᠂ ᠮᠣᠩᠭᠣᠯ᠂ ᠣᠷᠣᠰ ᠤᠨ ᠨᠤᠲᠤᠭ ᠤᠳ ᠢ ᠳᠠᠭᠠᠷᠢᠨ ᠬᠤᠶᠢᠳᠤ ᠲᠤᠶᠢᠯ ᠤᠨ ᠠᠭᠠᠷ ᠤᠨ ᠵᠠᠮ᠂ ᠪᠠᠷᠠᠭᠤᠨ ᠵᠦᠭ ᠲᠦ ᠪᠠᠹᠹᠢᠨ ᠠᠷᠠᠯ ᠢᠶᠠᠷ ᠳᠠᠮᠵᠢᠨ ᠨᠢᠦ᠋ ᠶᠤᠷᠺ ᠬᠦᠷᠲᠡᠯ᠎ᠡ ᠦᠷᠭᠦᠯᠵᠢᠯᠡᠭᠰᠡᠨ ᠪᠠᠶᠢᠨ᠎ᠠ᠃