《ᠮᠣᠨ-30 》ᠴᠠᠬᠢᠯᠭᠠᠨ ᠠᠦ᠋ᠲ᠋ᠣᠪᠦ᠋ᠰ ᠦᠢᠯᠡᠴᠢᠯᠡᠭᠡᠨ ᠳᠦ ᠶᠠᠪᠤᠵᠤ ᠡᠬᠢᠯᠡᠯ᠎ᠡ | News.MN

《ᠮᠣᠨ-30 》ᠴᠠᠬᠢᠯᠭᠠᠨ ᠠᠦ᠋ᠲ᠋ᠣᠪᠦ᠋ᠰ ᠦᠢᠯᠡᠴᠢᠯᠡᠭᠡᠨ ᠳᠦ ᠶᠠᠪᠤᠵᠤ ᠡᠬᠢᠯᠡᠯ᠎ᠡ

ᠮᠣᠩᠭᠣᠯ ᠢᠨᠵᠧᠨᠧᠷ ᠦᠳ ᠦᠨ ᠪᠦᠲᠦᠭᠡᠭᠰᠡᠨ ︽ᠮᠣᠨ-30︾ ᠠᠦ᠋ᠲ᠋ᠣᠪᠦ᠋ᠰ ᠨᠡᠶᠢᠰᠯᠡᠯ ᠦᠨ ᠨᠡᠶᠢᠲᠡ ᠶᠢᠨ ᠲᠡᠭᠡᠭᠡᠪᠦᠷᠢ ᠶᠢᠨ ᠦᠢᠯᠡᠴᠢᠯᠡᠭᠡᠨ ᠳᠦ ᠶᠠᠪᠤᠬᠤ ᠳᠤ ᠪᠡᠯᠡᠨ ᠪᠣᠯᠵᠠᠢ᠃ 2-3 ᠴᠠᠭ ᠴᠡᠨᠡᠭᠯᠡᠭᠡᠳ 180-200 ᠺᠢᠯᠣᠮᠧᠲ᠋ᠷ ᠵᠠᠮ ᠲᠤᠭᠤᠯᠬᠤ ᠡᠨᠡᠬᠦ ᠠᠦ᠋ᠲ᠋ᠣᠪᠦ᠋ᠰ ᠢ ᠬᠦᠯᠢᠶᠡᠯᠭᠡᠨ ᠥᠭᠬᠦ ᠠᠷᠭ᠎ᠠ ᠬᠡᠮᠵᠢᠶ᠎ᠡ ᠥᠨᠥᠳᠥᠷ ᠪᠣᠯᠤᠯ᠎ᠠ᠃ 《ᠮᠣᠩᠭᠣᠯ ᠮᠠᠰᠢᠨ 》ᠺᠤᠮᠫᠠᠨᠢ ᠶᠢᠨ ᠍ ᠵᠠᠬᠢᠷᠤᠯ ᠨ᠂ ᠵᠢᠷᠭᠠᠯᠰᠠᠶᠢᠬᠠᠨ ᠄  ᠪᠢᠳᠡᠨ ᠳᠦ ᠠᠦ᠋ᠲ᠋ᠣᠪᠦ᠋ᠰ ᠦᠢᠯᠡᠳᠪᠦᠷᠢᠯᠡᠬᠦ ᠬᠦᠴᠦᠨ ᠴᠢᠳᠠᠯ ᠪᠠᠶᠢᠭ᠎ᠠ ᠲᠡᠳᠦᠢ ᠦᠭᠡᠢ᠂ ᠦᠢᠯᠡᠳᠪᠦᠷᠢᠯᠡᠯ ᠨᠡᠮᠡᠭᠳᠡᠬᠦ ᠶᠢᠨ ᠬᠢᠷᠢ ᠪᠡᠷ ᠵᠢᠵᠢᠭ᠂ ᠳᠤᠮᠳᠠ ᠦᠢᠯᠡᠳᠪᠦᠷᠢᠯᠡᠯ ᠬᠥᠭᠵᠢᠵᠦ᠂ 2000 ᠭᠠᠷᠤᠢ ᠠᠵᠢᠯ ᠤᠨ ᠪᠠᠶᠢᠷᠢ ᠪᠤᠢ ᠪᠣᠯᠤᠨ᠎ᠠ᠃ ᠴᠠᠬᠢᠯᠭᠠᠨ ᠲᠠᠺᠰᠢ᠂ ᠠᠴᠢᠶᠠᠨ ᠤ ᠠᠦ᠋ᠲ᠋ᠤ᠋ ᠮᠠᠰᠢᠨ ᠤᠭᠰᠠᠷᠠᠵᠤ᠂ ᠦᠢᠯᠡᠳᠪᠦᠷᠢᠯᠡᠬᠦ ᠵᠣᠷᠢᠯᠲᠠ ᠲᠠᠯᠪᠢᠨ ᠠᠵᠢᠯᠯᠠᠵᠤ ᠪᠠᠶᠢᠨ᠎ᠠ ︾ ᠭᠡᠯ᠎ᠡ᠃
ᠨᠡᠶᠢᠰᠯᠡᠯ ᠦᠨ ᠨᠡᠶᠢᠲᠡ ᠶᠢᠨ ᠲᠡᠭᠡᠭᠡᠪᠦᠷᠢ ᠶᠢᠨ ᠦᠢᠯᠡᠴᠢᠯᠡᠭᠡᠨ ᠳᠦ ᠶᠠᠪᠤᠵᠤ ᠪᠤᠢ ᠨᠢᠭᠡ ᠠᠦ᠋ᠲ᠋ᠣᠪᠦ᠋ᠰ ᠵᠢᠯ ᠳᠦ 45 ᠰᠠᠶ᠎ᠠ ᠲᠥᠭᠥᠷᠢᠭ ᠦᠨ ᠢᠮᠫᠣᠷᠲ ᠤᠨ ᠰᠢᠲᠠᠬᠤᠨ᠂  ᠭᠠᠽ᠂ ᠰᠢᠲᠠᠬᠤ ᠲᠤᠰᠤᠯᠠᠬᠤ ᠮᠠᠲ᠋ᠧᠷᠢᠶᠠᠯ ᠠᠰᠢᠭᠯᠠᠵᠤ᠂ ᠨᠢᠭᠡ ᠲᠣᠨ ᠭᠠᠷᠤᠢ ᠬᠣᠣᠷᠲᠤ ᠪᠣᠳᠠᠰ ᠢᠯᠭᠠᠷᠠᠭᠤᠯᠳᠠᠭ ᠪᠣᠯ 《ᠮᠣᠨ-30》 ᠵᠠᠭᠪᠤᠷ ᠤᠨ ᠠᠦ᠋ᠲ᠋ᠣᠪᠦ᠋ᠰ ᠨᠢ ᠵᠢᠯ ᠳᠦ 6.6 ᠰᠠᠶ᠎ᠠ ᠲᠥᠭᠥᠷᠢᠭ ᠦᠨ ᠡᠷᠴᠢᠮ ᠬᠦᠴᠦ ᠬᠤᠳᠠᠯᠳᠤᠨ ᠠᠪᠴᠤ᠂ ᠵᠠᠷᠤᠳᠠᠯ ᠢ 30-40 ᠬᠤᠪᠢᠶᠠᠷᠢ ᠪᠠᠭᠤᠯᠭᠠᠬᠤ ᠪᠣᠯᠤᠮᠵᠢ ᠲᠠᠢ ᠃

ᠰᠡᠳᠬᠢᠭᠳᠡᠯ ᠦᠯᠡᠳᠡᠭᠡᠬᠦ