ᠮᠣᠩᠭᠣᠯ ᠤᠨ ᠰᠢᠪᠠᠭᠤ ᠬᠠᠮᠠᠭᠠᠯᠠᠬᠤ ᠲᠥᠪ᠂ ᠳᠣᠷᠣᠨᠠᠲᠤ ᠬᠠᠮᠠᠭᠠᠯᠠᠯᠲᠠ ᠶᠢᠨ ᠵᠠᠬᠢᠷᠭ᠎ᠠ ᠪᠣᠯᠤᠨ ᠪᠦᠭᠦᠳᠡ ᠨᠠᠶᠢᠷᠠᠮᠳᠠᠬᠤ ᠬᠢᠲᠠᠳ ᠠᠷᠠᠳ ᠤᠯᠤᠰ ᠤᠨ Beijing Forestry ᠰᠤᠷᠭᠠᠭᠤᠯᠢ ᠶᠢᠨ ᠰᠤᠳᠤᠯᠤᠭᠠᠴᠢᠳ ᠤᠨ ᠪᠠᠭ ᠬᠠᠮᠲᠤᠷᠠᠨ ᠮᠣᠩᠭᠣᠯ ᠣᠷᠣᠨ ᠤ ᠲᠥᠪ ᠪᠣᠯᠤᠨ ᠵᠡᠭᠦᠨ ᠪᠥᠰᠡ ᠶᠢᠨ ᠬᠣᠪᠣᠷ ᠰᠢᠪᠠᠭᠤᠳ ᠤᠨ ᠦᠷᠡᠵᠢᠯ ᠂ ᠨᠡᠭᠦᠳᠡᠯ ᠦᠨ ᠰᠤᠳᠤᠯᠭ᠎ᠠ ᠶᠢ ᠬᠢᠵᠡᠢ᠃ ᠲᠡᠳᠡ ᠬᠣᠪᠣᠷᠳᠠᠵᠤ ᠪᠤᠢ ᠵᠢᠷᠭᠤᠭᠠᠨ ᠲᠥᠷᠥᠯ ᠦᠨ ᠰᠢᠪᠠᠭᠤᠨ ᠳᠤ ᠰᠠᠨᠰᠠᠷ ᠤᠨ ᠳᠠᠮᠵᠢᠭᠤᠯᠤᠭᠴᠢ ᠵᠡᠭᠦᠵᠦ ᠨᠡᠭᠦᠳᠡᠯ᠂ ᠰᠢᠯᠵᠢᠯᠲᠡ ᠬᠥᠳᠡᠯᠭᠡᠭᠡᠨ ᠢ ᠨᠢ ᠲᠠᠩᠳᠠᠵᠤ ᠪᠠᠶᠢᠭ᠎ᠠ ᠠᠵᠠᠢ᠃
ᠲᠤᠬᠠᠶᠢᠯᠠᠪᠠᠯ᠂ ᠬᠠᠷ᠎ᠠ ᠲᠣᠭᠣᠷᠤᠤ ᠮᠠᠨ ᠤ ᠣᠷᠣᠨ ᠳᠤ ᠦᠷᠡᠵᠢᠳᠡᠭ ᠦᠭᠡᠢ᠂ ᠨᠡᠭᠦᠳᠡᠯ ᠦᠨ ᠦᠶ᠎ᠡ ᠳᠦ ᠪᠡᠨ ᠯᠠ ᠭᠣᠣᠯ ᠲᠥᠯᠥᠪ ᠲᠣᠬᠢᠶᠠᠯᠳᠤᠳᠠᠭ ᠪᠣᠯᠪᠠᠴᠤ ᠵᠠᠷᠢᠮ ᠵᠢᠯ ᠵᠤᠰᠠᠳᠠᠭ ᠶᠤᠮ ᠪᠠᠶᠢᠨ᠎ᠠ᠃ ᠡᠨᠡ ᠵᠦᠢᠯ ᠦᠨ ᠲᠤᠭᠤᠷᠤᠤ ᠨᠤᠭᠤᠳ ᠤᠨ ᠮᠣᠩᠭᠣᠯ ᠳ᠋ᠡᠬᠢ ᠨᠡᠭᠦᠳᠡᠯ ᠦᠨ ᠠᠩᠬᠠᠨ ᠤ ᠰᠤᠳᠤᠯᠭ᠎ᠠ ᠶᠢ ᠥᠩᠭᠡᠷᠡᠭᠰᠡᠨ ᠲᠠᠪᠤᠳᠤᠭᠠᠷ ᠰᠠᠷ᠎ᠠ ᠠᠴᠠ ᠤᠯᠵᠠ ᠭᠣᠣᠯ ᠠᠴᠠ ᠡᠬᠢᠯᠡᠭᠦᠯᠵᠡᠢ᠃ ᠰᠤᠳᠤᠯᠭᠠᠨ ᠤ ᠳ᠋ᠦᠩ ᠡᠴᠡ ᠬᠠᠷᠠᠬᠤ ᠳᠤ ᠬᠠᠷ᠎ᠠ ᠲᠣᠭᠣᠷᠤᠤ ᠮᠣᠩᠭᠣᠯ ᠨᠤᠲᠤᠭ ᠠᠴᠠ ᠵᠡᠭᠦᠨ ᠬᠣᠶᠢᠰᠢ ᠣᠷᠣᠰ ᠦᠨ ᠨᠤᠲᠤᠭ ᠳᠠᠬᠢ ᠲᠠᠷᠢ ᠨᠠᠭᠤᠷ ᠬᠦᠷᠴᠦ ᠲᠡᠨᠳᠡ ᠡᠴᠡ ᠪᠡᠨ ᠣᠨᠣᠨ ᠮᠥᠷᠡᠨ ᠦ ᠰᠠᠪᠠ ᠭᠠᠵᠠᠷ ᠢᠶᠠᠷ ᠳᠠᠮᠵᠢᠨ ᠵᠡᠭᠦᠨ ᠬᠣᠶᠢᠰᠢ ᠡᠷᠭᠢᠨ ᠣᠢ ᠬᠥᠪᠴᠢ ᠶᠢᠨ ᠪᠦᠰᠡ ᠪᠡᠷ ᠳᠠᠮᠵᠢᠨ ᠠᠮᠤᠷ ᠮᠥᠷᠡᠨ ᠦ ᠰᠠᠪᠠ ᠭᠠᠵᠠᠷ ᠢ ᠳᠠᠭᠠᠨ ᠪᠦᠭᠦᠳᠡ ᠨᠠᠶᠢᠷᠠᠮᠳᠠᠬᠤ ᠬᠢᠲᠠᠳ ᠠᠷᠠᠳ ᠤᠯᠤᠰ ᠤᠨ ᠵᠡᠭᠦᠨ ᠬᠣᠶᠢᠲᠤ ᠬᠡᠰᠡᠭ ᠲᠦ ᠬᠦᠷᠳᠡᠭ ᠨᠢ ᠲᠣᠭᠲᠠᠭᠠᠭᠳᠠᠭᠰᠠᠨ ᠪᠠᠶᠢᠨ᠎ᠠ᠃
ᠶᠠᠭ ᠣᠳᠣ ᠬᠢᠵᠦ ᠪᠠᠶᠢᠭ᠎ᠠ ᠰᠤᠳᠤᠯᠭ᠎ᠠ ᠪᠠᠷ ᠤᠯᠵᠠ ᠭᠣᠣᠯ ᠠᠴᠠ ᠨᠢᠰᠦᠭᠰᠡᠨ ᠬᠣᠨᠢᠨ ᠲᠣᠭᠣᠳᠠᠭ ᠳᠣᠷᠣᠨᠠᠲᠤ ᠠᠶᠢᠮᠠᠭ ᠤᠨ ᠴᠠᠭᠠᠨ-ᠣᠪᠣᠭ᠎ᠠ ᠰᠤᠮᠤ ᠶᠢᠨ ᠨᠤᠲᠤᠭ ᠲᠤ ᠰᠠᠭᠠᠳᠠᠭᠠᠳ ᠤᠷᠤᠭᠰᠢ ᠪᠠᠨ ᠨᠡᠭᠦᠳᠡᠯᠯᠡᠨ ᠦᠪᠦᠷ ᠮᠤᠩᠭᠤᠯ ᠤᠨ ᠨᠤᠲᠤᠭ ᠲᠤ ᠬᠦᠷᠦᠭᠡᠳ ᠪᠠᠶᠢᠭ᠎ᠠ ᠠᠵᠠᠢ ᠃ ᠮᠥᠨ ᠮᠠᠨ ᠤ ᠣᠷᠣᠨ ᠤ ᠲᠥᠪ ᠦᠨ ᠪᠥᠰᠡ ᠡᠴᠡ ᠨᠢᠰᠦᠭᠰᠡᠨ ᠡᠪᠦᠭᠡᠲᠦ ᠲᠣᠭᠣᠷᠤᠤ ᠨᠤᠭᠤᠳ ᠾᠢᠮᠠᠯᠢ ᠶᠢᠨ ᠠᠭᠤᠯᠠᠰ ᠬᠦᠷᠴᠦ ᠬᠣᠶᠢᠲᠤ ᠪᠡᠯ ᠳᠦ ᠨᠢ ᠲᠦᠷᠢ ᠰᠠᠭᠠᠳᠠᠭᠠᠳ ᠪᠠᠶᠢᠭ᠎ᠠ ᠶᠢ ᠲᠣᠭᠲᠠᠭᠠᠭᠠᠳ ᠪᠠᠶᠢᠭ᠎ᠠ ᠠᠵᠢ᠃