ᠳ᠋ᠣᠯᠯᠠᠷ ᠤᠨ ᠬᠠᠩᠰᠢ ᠶᠢᠨ ᠡᠰᠡᠷᠭᠦ ᠲᠥᠭᠥᠷᠢᠭ ᠲᠠᠪᠤᠨ ᠬᠤᠪᠢ ᠪᠠᠷ ᠤᠨᠠᠭᠠᠳ ᠪᠠᠶᠢᠭ᠎ᠠ ᠶᠢ ᠰᠠᠩ ᠤᠨ ᠰᠠᠶᠢᠳ ᠬᠡᠯᠡᠯ᠎ᠡ᠃ ᠭᠡᠬᠦ ᠳᠦ ᠪᠡᠨ ᠡᠳ᠋ ᠍ ᠦᠨ ᠵᠠᠰᠠᠭ ᠲᠤ ᠦᠭᠡᠳᠡᠷᠬᠡᠭ ᠲᠥᠰᠥᠭᠡᠯᠡᠯ ᠪᠠᠶᠢᠭ᠎ᠠ ᠶᠢ ᠳᠤᠭᠤᠯᠭᠠᠪᠠ᠃ ᠢᠷᠡᠬᠦ ᠣᠨ ᠳᠤ ᠡᠺᠰᠫᠣᠷᠲ ᠪᠠᠭ᠎ᠠ ᠦᠭᠡᠢ ᠨᠡᠮᠡᠭᠳᠡᠵᠦ᠂ ᠲᠥᠰᠥᠪ ᠦᠨ ᠠᠯᠳᠠᠭᠳᠠᠯ ᠨᠡᠯᠢᠶᠡᠳ ᠪᠠᠭᠤᠷᠠᠬᠤ ᠪᠠᠷ᠂ ᠡᠳ᠋ ᠍ ᠦᠨ ᠵᠠᠰᠠᠭ ᠤᠨ ᠥᠰᠦᠯᠲᠡ ᠰᠠᠶᠢᠵᠢᠷᠠᠬᠤ ᠲᠥᠯᠥᠪ ᠬᠠᠷᠠᠭᠳᠠᠵᠤ ᠪᠠᠶᠢᠭ᠎ᠠ ᠶᠢ ᠲᠡᠷᠡ ᠬᠡᠪᠯᠡᠯ ᠳᠦ ᠥᠭᠭᠦᠭᠰᠡᠨ ᠶᠠᠷᠢᠯᠴᠠᠯᠭ᠎ᠠ ᠳᠤ ᠪᠠᠨ ᠣᠨᠴᠠᠯᠠᠭᠰᠠᠨ ᠶᠤᠮ᠃
2019 ᠣᠨ ᠤ ᠡᠳ᠋ ᠍ ᠦᠨ ᠵᠠᠰᠠᠭ ᠤᠨ ᠥᠰᠦᠯᠲᠡ ᠨᠠᠢᠮᠠᠨ ᠬᠤᠪᠢ ᠲᠠᠢ᠂ ᠲᠥᠰᠥᠪ ᠦᠨ ᠠᠯᠳᠠᠭᠳᠠᠯ ᠪᠠᠭ᠎ᠠ ᠲᠠᠢ᠂ ᠡᠺᠰᠫᠣᠷᠲ ᠨᠡᠯᠢᠶᠡᠳ ᠨᠡᠮᠡᠭᠳᠡᠬᠦ ᠪᠡᠷ ᠪᠠᠶᠢᠨ᠎ᠠ ᠭᠡᠵᠦ ᠬᠠᠷᠠᠵᠤ ᠪᠠᠶᠢᠭ᠎ᠠ᠃
ᠲᠥᠭᠥᠷᠢᠭ ᠬᠢᠲᠠᠳ ᠤᠨ ᠶᠤᠸᠠᠨ᠂ ᠣᠷᠣᠰ ᠤᠨ ᠷᠦᠪᠯᠢ᠂ ᠰᠣᠯᠣᠩᠭᠣᠰ ᠤᠨ ᠸᠤᠨ ᠤ ᠡᠰᠡᠷᠭᠦ ᠴᠢᠩᠭᠠᠷᠠᠭᠰᠠᠨ᠃ ᠭᠠᠭᠴᠠ ᠳ᠋ᠣᠯᠯᠠᠷ ᠤᠨ ᠡᠰᠡᠷᠭᠦ ᠲᠠᠪᠤ ᠣᠷᠴᠢᠮ ᠬᠤᠪᠢ ᠪᠠᠷ ᠤᠨᠠᠭᠰᠠᠨ᠃ ᠶᠡᠬᠡᠩᠬᠢ ᠸᠠᠯᠢᠶᠤᠲ ᠤᠨ ᠡᠰᠡᠷᠭᠦ ᠴᠢᠩᠭᠠᠷᠠᠴᠢᠬᠠᠭᠠᠳ ᠳ᠋ᠣᠯᠯᠠᠷ ᠤᠨ ᠡᠰᠡᠷᠭᠦ ᠲᠥᠭᠥᠷᠢᠭ ᠶᠠᠭᠠᠬᠢᠭᠠᠳ ᠰᠤᠯᠠᠷᠠᠭᠰᠠᠨ ᠪᠤᠢ ᠭᠡᠬᠦᠯᠡᠷ ᠬᠤᠳᠠᠯᠳᠤᠭᠠᠨ ᠤ ᠳᠠᠶᠢᠨ ᠲᠠᠢ ᠬᠣᠯᠪᠣᠭ᠎ᠠ ᠲᠠᠢ᠃
ᠳᠡᠯᠡᠬᠡᠢ ᠶᠢᠨ 180 ᠍ ᠊ᠭᠠᠳ ᠣᠷᠣᠨ ᠤ ᠸᠠᠯᠢᠶᠤᠲ ᠤᠨ 85 ᠬᠤᠪᠢ ᠶᠢᠨ ᠬᠢᠨᠢ ᠬᠠᠩᠰᠢ ᠨᠢ ᠳ᠋ᠣᠯᠯᠠᠷ ᠤᠨ ᠡᠰᠡᠷᠭᠦ ᠤᠨᠠᠭᠰᠠᠨ᠃ ᠨᠡᠯᠦᠩᠬᠢ ᠳᠦ ᠪᠡᠨ ᠸᠠᠯᠢᠶᠤᠲ ᠤᠨ ᠬᠠᠩᠰᠢ ᠰᠠᠪᠠᠯᠠᠭᠠᠨ ᠳᠤ ᠣᠷᠣᠭᠰᠠᠨ᠃ ᠡᠨᠡ ᠪᠣᠯ ᠲᠦᠷ ᠵᠠᠭᠤᠷ᠎ᠠ ᠶᠢᠨ ᠦᠵᠡᠭᠳᠡᠯ ᠪᠣᠯᠪᠠ ᠤᠤ ᠂ ᠢᠷᠡᠬᠦ 2019 ᠣᠨ ᠤ ᠲᠥᠰᠥᠪ ᠲᠦ ᠸᠠᠯᠢᠶᠤᠲ ᠤᠨ ᠬᠠᠩᠰᠢ ᠶᠢ 2530 ᠍ ᠪᠠᠷ ᠲᠣᠭᠠᠴᠠᠵᠤ ᠰᠠᠭᠤᠯᠭᠠᠭᠰᠠᠨ ᠭᠡᠪᠡ ᠃ 2019᠂ 2020 ᠣᠨ ᠳᠤ ᠮᠣᠩᠭᠣᠯ ᠤᠯᠤᠰ ᠤᠨ ᠬᠤᠪᠢ ᠳᠤ ᠬᠦᠯᠢᠶᠡᠭᠳᠡᠵᠦ ᠪᠠᠶᠢᠭ᠎ᠠ ᠭᠠᠳᠠᠨ᠎ᠠ ᠪᠣᠯᠤᠨ ᠳᠣᠲᠣᠭᠠᠳᠤ ᠶᠢᠨ ᠲᠥᠯᠥᠪᠦᠷᠢ᠂ ᠥᠷᠢ ᠪᠠᠶᠢᠬᠤ ᠦᠭᠡᠢ ᠭᠡᠨ᠎ᠡ᠃
ᠪ᠂ ᠰᠤᠯᠤᠩᠭ᠎ᠠ
News.MN 2018-10-08 202.70.42.102
би монгол
News.MN 2018-10-08 202.70.42.102
ᠪᠢ ᠮᠮᠥᠨᠭᠥᠯ ᠬᠦᠮᠦᠨ