ᠵᠢᠦ᠋ᠳᠣ᠋ ᠪᠥᠬᠡ ᠶᠢᠨ ᠨᠠᠰᠤᠨ ᠳᠤ ᠬᠦᠷᠦᠭᠴᠢᠳ ᠦᠨ 2018 ᠣᠨ ᠤ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠦ ᠡᠷᠡᠭᠲᠡᠶᠢᠴᠦᠳ ᠦᠨ 100 ᠺᠢᠯᠦᠭᠷᠡᠮ ᠳᠦ ᠪᠠᠷᠢᠯᠳᠤᠭᠰᠠᠨ ᠣᠯᠠᠨ ᠤᠯᠤᠰ ᠤᠨ ᠬᠡᠮᠵᠢᠶᠡᠨ ᠦ ᠮᠠᠰᠲ᠋ᠸᠷ ᠯ∙ᠣᠳᠬᠣᠨᠪᠠᠭᠠᠲᠤᠷ ᠬᠦᠷᠡᠯ ᠮᠸᠳᠠᠯᠲᠠᠨ ᠪᠣᠯᠤᠯ᠎ᠠ᠃ ᠲᠡᠷᠡ ᠪᠡᠷ ᠡᠬᠢᠨ ᠦ ᠪᠠᠷᠢᠯᠳᠤᠭᠠᠨ ᠢᠶᠠᠨ ᠠᠮᠧᠷᠢᠺᠠ ᠶᠢᠨ ᠪᠥᠬᠡ ᠯ∙ᠠ᠊∙ᠰᠮᠢᠲ ᠲᠡᠢ ᠬᠢᠵᠦ᠂ ᠨᠡᠮᠡᠯᠲᠡ ᠴᠠᠭ ᠲᠤ ᠸᠠᠽᠠᠷᠢ ᠦᠨᠡᠯᠡᠭᠡ ᠪᠡᠷ ᠢᠯᠠᠯᠲᠠ ᠪᠠᠶᠢᠭᠤᠯᠤᠭᠰᠠᠨ᠃ ᠤᠳᠠᠭᠠᠬᠢ ᠲᠣᠭᠣᠷᠢᠭ ᠲᠤ ᠴᠢᠯᠢ ᠶᠢᠨ ᠲᠣᠮᠠᠰ ᠪᠷᠢᠴᠸᠨᠤ᠋ ᠶᠢ ᠂ 1/8 ᠰᠢᠭᠰᠢᠭᠡ ᠳᠦ ᠯᠠᠲ᠋ᠢᠸᠠ ᠶᠢᠨ ᠲᠠᠮᠢᠷᠴᠢᠨ ᠵᠸᠪᠭᠸᠨᠢᠰ ᠪᠤᠷᠤᠳᠠᠸ᠋ᠺᠤ ᠶᠢ ᠢᠯᠠᠭᠰᠠᠨ ᠶᠤᠮ᠃
B ᠬᠡᠰᠡᠭ ᠦᠨ ᠠᠪᠤᠷᠭᠤ ᠶᠢᠨ ᠲᠥᠯᠥᠭᠡ ᠫᠤᠷᠲ᠋ᠦ᠋ᠭᠠᠯ ᠤᠨ ᠬᠤᠷᠾᠸ ᠹᠤᠨᠰᠸᠺᠠ ᠶᠢ ᠢᠯᠠᠵᠤ ᠂ ᠭᠷᠦᠽᠢᠶ᠎ᠡ ᠶᠢᠨ ᠸᠠᠷᠯᠠᠮ ᠯᠢᠫᠠᠷᠲ᠋ᠧᠯᠢᠶᠠᠨᠢ ᠲᠠᠢ ᠪᠠᠷᠢᠯᠳᠤᠵᠤ ᠢᠯᠠᠭᠳᠠᠭᠰᠠᠨ ᠂ ᠶᠠᠫᠣᠨ ᠤ ᠪᠥᠬᠡ ᠸᠦᠯᠹ ᠠᠷᠣᠨ ᠲᠠᠢ ᠬᠦᠴᠦ ᠦᠵᠡᠨ ᠴᠡᠪᠡᠷ ᠢᠯᠠᠵᠤ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠦ ᠬᠦᠷᠡᠯ ᠮᠧᠳᠠᠯ ᠤᠨ ᠡᠵᠡᠨ ᠪᠣᠯᠤᠯ᠎ᠠ᠃