ᠨᠡᠶᠢᠭᠡᠮ᠂ ᠡᠳ᠋ ᠍ ᠦᠨ ᠵᠠᠰᠠᠭ᠂ ᠰᠤᠶᠤᠯ ᠤᠨ ᠲᠤᠬᠠᠢ ᠣᠶᠢᠯᠠᠭᠠᠯᠲᠠ᠂ ᠮᠡᠳᠡᠯᠭᠡ ᠶᠢ ᠵᠢᠷᠤᠭ ᠢᠶᠠᠷ ᠳᠠᠮᠵᠢᠭᠤᠯᠤᠨ ᠬᠡᠦᠬᠡᠳ ᠦᠳ ᠲᠦ ᠣᠯᠭᠣᠬᠤ ᠵᠣᠷᠢᠯᠭ᠎ᠠ ᠪᠦᠬᠦᠢ ᠭᠠᠷ ᠵᠢᠷᠤᠭ ᠤᠨ ᠤᠷᠤᠯᠳᠤᠭᠠᠨ ᠢ ᠵᠡᠭᠦᠨ ᠬᠤᠶᠢᠳᠤ ᠠᠽᠢᠶ᠎ᠠ ᠶᠢᠨ ᠨᠤᠲᠤᠭ ᠤᠨ ᠵᠠᠬᠢᠷᠭᠠᠳ ᠤᠨ ᠬᠣᠯᠪᠣᠭᠠᠨ ᠠᠴᠠ ᠵᠠᠷᠯᠠᠭᠰᠠᠨ ᠪᠠᠶᠢᠨ᠎ᠠ᠃
ᠡᠨᠡ ᠤᠷᠤᠯᠳᠤᠭᠠᠨ ᠳᠤ ᠰᠡᠯᠡᠩᠭᠡ ᠠᠶᠢᠮᠠᠭ ᠤᠨ ᠨᠠᠢᠮᠠᠨ ᠰᠤᠷᠤᠭᠴᠢ ᠪᠦᠲᠦᠭᠡᠯ ᠢᠶᠡᠷ ᠢᠶᠡᠨ ᠥᠷᠢᠰᠦᠯᠳᠦᠵᠦ ᠪᠠᠶᠢᠭ᠎ᠠ ᠠᠵᠠᠢ᠃ ᠤᠷᠤᠯᠳᠤᠭᠠᠨ ᠳᠤ ᠵᠡᠭᠦᠨ ᠬᠤᠶᠢᠳᠤ ᠠᠽᠢᠶ᠎ᠠ ᠶᠢᠨ ᠨᠤᠲᠤᠭ ᠤᠨ ᠵᠠᠬᠢᠷᠭᠠᠳ ᠤᠨ ᠬᠣᠯᠪᠣᠭᠠᠨ ᠤ 77 ᠭᠡᠰᠢᠭᠦᠨ ᠣᠷᠣᠨ ᠨᠤᠭᠤᠳ ᠤᠨ ᠣᠷᠣᠨ ᠨᠤᠲᠤᠭ ᠤᠨ 14 -18 ᠨᠠᠰᠤᠨ ᠤ ᠰᠤᠷᠤᠭᠴᠢᠳ ᠣᠷᠣᠯᠴᠠᠵᠤ ᠪᠤᠢ᠃ ᠭᠠᠷ ᠵᠢᠷᠤᠭ᠂ ᠫᠤᠰᠲᠸᠷ ᠤᠨ ᠡᠯ᠎ᠡ ᠤᠷᠤᠯᠳᠤᠭᠠᠨ ᠨᠢ ᠬᠡᠦᠬᠡᠳ ᠦᠳ ᠲᠦ ᠵᠡᠭᠦᠨ ᠬᠤᠶᠢᠳᠤ ᠠᠽᠢᠶ᠎ᠠ ᠶᠢᠨ ᠨᠡᠶᠢᠭᠡᠮ ᠡᠳ᠋ ᠍ ᠦᠨ ᠵᠠᠰᠠᠭ᠂ ᠰᠤᠶᠤᠯ ᠤᠨ ᠲᠤᠬᠠᠢ ᠣᠶᠢᠯᠠᠭᠠᠯᠲᠠ᠂ ᠮᠡᠳᠡᠯᠭᠡ ᠶᠢ ᠥᠭᠬᠦ ᠡᠴᠡ ᠭᠠᠳᠠᠨ᠎ᠠ ᠬᠡᠦᠬᠡᠳ ᠦᠳ ᠦᠨ ᠰᠡᠳᠬᠢᠨ ᠪᠣᠳᠣᠬᠤ ᠲᠠᠨᠢᠨ ᠮᠡᠳᠡᠬᠦᠢ ᠶᠢᠨ ᠮᠡᠳᠡᠯᠭᠡ ᠶᠢ ᠲᠡᠯᠡᠬᠦ᠂ ᠵᠢᠷᠤᠭ ᠢᠶᠠᠷ ᠳᠠᠮᠵᠢᠭᠤᠯᠤᠨ ᠰᠤᠷᠤᠭᠴᠢᠳ ᠤᠨ ᠵᠢᠷᠤᠬᠤ ᠠᠷᠭ᠎ᠠ ᠪᠠᠷᠢᠯ᠂ ᠴᠢᠳᠠᠪᠤᠷᠢ ᠶᠢ ᠬᠥᠭᠵᠢᠭᠦᠯᠬᠦ ᠵᠡᠷᠭᠡ ᠥᠷᠭᠡᠨ ᠤᠳᠬ᠎ᠠ ᠠᠭᠤᠯᠭ᠎ᠠ ᠲᠠᠢ ᠃
ᠴ∙ᠣᠳᠬᠣᠨᠴᠡᠴᠡᠭ