ᠬᠣᠪᠳᠣ ᠠᠶᠢᠮᠠᠭ ᠲᠤ ᠶᠢᠰᠦᠳᠦᠭᠡᠷ ᠰᠠᠷ᠎ᠠ ᠶᠢᠨ 24 – 30 ᠍ ᠢ ᠬᠦᠷᠲᠡᠯ᠎ᠡ ︽ᠴᠠᠢ ᠶᠢᠨ ᠵᠠᠮ︾ ᠥᠪ ᠰᠤᠶᠤᠯ ᠤᠨ ᠨᠠᠭᠠᠳᠤᠮ ᠪᠤᠶᠠᠨᠲᠤ ᠰᠤᠮᠤ ᠶᠢᠨ ᠰᠤᠶᠤᠯ ᠤᠨ ᠡᠳᠦᠷ ᠦᠨ ᠠᠷᠭ᠎ᠠ ᠬᠡᠮᠵᠢᠶ᠎ᠡ ᠪᠡᠷ ᠠᠷᠠᠳ ᠠᠶᠤᠱᠢ ᠶᠢᠨ ᠲᠠᠯᠠᠪᠠᠢ ᠳᠤ ᠡᠬᠢᠯᠡᠯ᠎ᠡ᠃ ᠣᠯᠠᠨ ᠶᠠᠰᠤᠲᠠᠨ ᠦᠨᠳᠦᠰᠦᠲᠡᠨ ᠦ ᠥᠯᠥᠭᠡᠢ ᠶᠢᠨ ᠨᠤᠲᠤᠭ ᠤᠨ ᠬᠢᠨ ᠪᠦᠵᠢᠭ᠂ ᠠᠶ᠎ᠠ ᠳᠠᠭᠤᠤ ᠪᠠᠷ ᠢᠶᠠᠨ ︽ ᠴᠠᠢ ᠶᠢᠨ ᠵᠠᠮ︾ ᠤᠨ ᠨᠠᠭᠠᠳᠤᠮ ᠤᠨ ᠨᠡᠭᠡᠭᠡᠯᠲᠡ ᠶᠢᠨ ᠰᠠᠯᠬᠢ ᠶᠢ ᠬᠠᠭᠠᠯᠵᠤ᠂ ᠠᠶᠢᠮᠠᠭ ᠤᠨ ᠢᠷᠭᠡᠳ ᠦᠨ ᠲᠥᠯᠥᠭᠡᠯᠡᠭᠴᠢᠳ ᠦᠨ ᠬᠤᠷᠠᠯ ᠤᠨ ᠳᠠᠷᠤᠭ᠎ᠠ ᠭ∙ᠫᠦᠷᠪᠦᠭᠠᠨᠳᠢ ᠨᠠᠷ ᠨᠤᠲᠤᠭ ᠤᠨ ᠢᠷᠭᠡᠳ ᠦᠨ ᠬᠠᠮᠲᠤ ᠣᠷᠣᠯᠴᠠᠯ᠎ᠠ᠃
ᠪᠤᠶᠠᠨᠲᠤ ᠰᠤᠮᠤ ᠶᠢᠨ ᠬᠢᠨ ᠠᠮᠲᠠᠲᠤ ᠲᠠᠷᠪᠤᠰ᠂ ᠬᠦᠨᠡᠰᠦᠨ ᠦ ᠨᠤᠭᠤᠭ᠎ᠠ᠂᠂ᠴᠠᠭᠠᠨ ᠢᠳᠡᠭᠡ᠂ ᠤᠷᠠᠨ ᠵᠢᠷᠤᠭ ᠤᠨ ᠦᠵᠡᠰᠬᠦᠯᠡᠩ ᠭᠠᠷᠭᠠᠵᠤ᠂ ᠠᠶᠢᠮᠠᠭ ᠤᠨ ᠬᠥᠭᠵᠢᠮᠲᠦ ᠳ᠋ᠷᠠᠮ ᠤᠨ ᠲᠢᠶᠠᠲ᠋ᠷ ᠲᠤ ᠲᠤᠰ ᠰᠤᠮᠤ ᠶᠢᠨ ᠲᠠᠶᠢᠯᠤᠨ ᠲᠣᠭᠯᠠᠯᠲᠠ ᠪᠠᠷ ᠦᠷᠭᠦᠯᠵᠢᠯᠡᠬᠦ ᠶᠤᠮ᠃ ᠬᠣᠪᠳᠣ ᠠᠶᠢᠮᠠᠭ ᠣᠯᠠᠨ ᠦᠨᠳᠦᠰᠦᠲᠡᠨ ᠶᠠᠰᠤᠲᠠᠨ ᠤ ᠰᠤᠶᠤᠯ ᠤᠨ ᠪᠡᠶᠡᠲᠦ ᠪᠣᠯᠤᠨ ᠪᠡᠶᠡᠲᠦ ᠪᠤᠰᠤ ᠥᠪ᠂ ᠢᠵᠠᠭᠤᠷ ᠤᠷᠠᠯᠢᠭ᠂ ᠴᠠᠢ ᠶᠢᠨ ᠰᠤᠶᠤᠯ ᠤᠨ ᠥᠪ ᠢ ᠲᠦᠭᠡᠭᠡᠨ ᠳᠡᠯᠭᠡᠷᠡᠭᠦᠯᠬᠦ᠂ ᠥᠪᠯᠡᠭᠦᠯᠦᠨ ᠦᠯᠡᠳᠡᠭᠡᠬᠦ᠂ ᠣᠷᠣᠨ ᠨᠤᠲᠤᠭ ᠤᠨ ᠠᠶᠠᠯᠠᠯ ᠵᠢᠭᠤᠯᠴᠢᠯᠠᠯ ᠢ ᠬᠥᠭᠵᠢᠭᠦᠯᠵᠦ᠂ ᠳᠡᠯᠡᠬᠡᠢ ᠨᠡᠶᠢᠲᠡ ᠳᠦ ᠰᠤᠷᠲᠠᠯᠴᠢᠯᠠᠨ ᠲᠠᠨᠢᠭᠤᠯᠬᠤ ᠲᠣᠮᠣᠬᠠᠨ ᠡᠸᠧᠨᠲ ᠪᠣᠯᠭᠠᠬᠤ ᠵᠣᠷᠢᠯᠭ᠎ᠠ ᠪᠠᠷ ᠡᠨᠡᠬᠦ ᠨᠠᠭᠠᠳᠤᠮ ᠢ ᠍ ᠵᠣᠬᠢᠶᠠᠨ ᠪᠠᠶᠢᠭᠤᠯᠵᠤ ᠪᠠᠶᠢᠨ᠎ᠠ᠃
ᠴᠠᠢ ᠶᠢᠨ ᠰᠤᠶᠤᠯ ᠧᠦ᠋ᠷᠣᠫᠠ᠂ ᠣᠷᠣᠰ ᠲᠤ ᠨᠡᠪᠲᠡᠷᠡᠭᠰᠡᠨ ᠢᠶᠡᠷ ᠴᠠᠢ ᠶᠢᠨ ᠬᠡᠷᠡᠭᠯᠡᠭᠡ ᠥᠰᠴᠦ ᠳᠥᠲᠡ ᠵᠠᠮ ᠢᠶᠠᠷ ᠴᠠᠢ ᠠᠪᠬᠤ ᠪᠣᠯᠤᠮᠵᠢ ᠨᠢ ᠮᠣᠩᠭᠣᠯ ᠣᠷᠣᠨ ᠢᠶᠠᠷ ᠳᠠᠮᠵᠢᠭᠤᠯᠤᠨ ᠠᠪᠬᠤ ᠭᠠᠷᠴᠠ ᠪᠠᠶᠢᠪᠠ ᠃ ᠴᠠᠢ ᠶᠢᠨ ᠵᠠᠮ ᠪᠣᠯ ᠬᠤᠳᠠᠯᠳᠤᠭᠠᠨ ᠤ ᠣᠷᠣᠯᠭ᠎ᠠ ᠶᠢᠨ ᠬᠤᠪᠢ ᠳᠤ ᠲᠣᠷᠭᠠᠨ ᠤ ᠵᠠᠮ ᠤᠨ ᠳᠠᠷᠠᠭ᠎ᠠ ᠤᠷᠤᠬᠤ ᠬᠣᠶᠠᠳᠤᠭᠠᠷ ᠴᠢᠬᠤᠯᠠ ᠵᠠᠮ ᠪᠠᠶᠢᠪᠠ᠃ ᠬᠣᠶᠠᠳᠤᠭᠠᠷ ᠵᠠᠮ ᠭᠡᠳᠡᠭ ᠨᠢ ᠬᠦᠬᠡᠬᠤᠲᠠ -ᠤᠯᠢᠶᠠᠰᠤᠲᠠᠢ – ᠬᠣᠪᠳᠣ – ᠴᠠᠭᠠᠨᠠᠭᠤᠷ – ᠪᠢᠰᠺ ᠭᠡᠰᠡᠨ ᠪᠠᠷᠠᠭᠤᠨ ᠬᠢᠵᠠᠭᠠᠷ ᠢ ᠴᠢᠭᠯᠡᠭᠰᠡᠨ ᠵᠠᠮ ᠠᠵᠠᠢ ᠃
ᠡᠨᠡᠬᠦ ᠥᠪ ᠰᠤᠶᠤᠯ ᠤᠨ ᠨᠠᠭᠠᠳᠤᠮ ᠲᠠᠪᠤᠨ ᠡᠳᠦᠷ ᠦᠨ ᠲᠤᠷᠰᠢ ᠦᠷᠭᠦᠯᠵᠢᠯᠡᠬᠦ ᠪᠥᠭᠡᠳ ᠪᠡᠰᠡᠷᠡᠭ ᠨᠠᠭᠠᠳᠤᠮ᠂ ᠲᠡᠮᠡᠭᠡᠨ ᠵᠢᠩ᠂ ᠠᠳᠤᠭᠤᠴᠢᠨ ᠲᠡᠮᠡᠴᠡᠭᠡᠨ᠂ ᠭᠤᠷᠪᠠᠨ ᠰᠡᠩᠬᠡᠷ ᠦᠨ ᠠᠭᠤᠢ ᠠᠴᠠ ᠰᠠᠯᠠᠭᠠᠯᠠᠭᠰᠠᠨ ᠲᠠᠪᠤᠨ ᠮᠠᠷᠱᠷᠦ᠋ᠲ ᠤᠨ ᠳᠠᠭᠠᠤ ᠣᠶᠢᠷ᠎ᠠ ᠶᠢᠨ ᠵᠠᠢ ᠶᠢᠨ ᠠᠶᠠᠯᠠᠯ ᠬᠢᠬᠦ ᠶᠤᠮ ᠃ ᠲᠡᠭᠦᠨᠴᠢᠯᠡᠨ ᠣᠯᠠᠨ ᠤᠯᠤᠰ ᠤᠨ ᠬᠦᠭᠡᠮᠢ ᠶᠢᠨ ᠲᠠᠪᠤᠳᠤᠭᠠᠷ ᠨᠠᠭᠠᠳᠤᠮ᠂ ᠤᠷᠠᠨ ᠨᠤᠭᠤᠷᠠᠯᠲᠠ ᠶᠢᠨ ᠪᠡᠰᠡᠷᠡᠭ ᠨᠠᠭᠠᠳᠤᠮ᠂ ᠲᠤᠤᠯᠢ᠂ ᠴᠤᠭᠤᠷ᠂ ᠪᠡᠶ᠎ᠡ ᠪᠡᠶᠡᠯᠡᠭᠡ ᠶᠢᠨ ᠰᠣᠨᠢᠷᠬᠠᠯᠲᠠᠢ ᠦᠵᠡᠭᠦᠯᠪᠦᠷᠢ ᠲᠣᠭᠯᠠᠯᠲᠠ ᠨᠤᠭᠤᠳ ᠪᠣᠯᠤᠨ᠎ᠠ᠃ ᠴᠠᠢ ᠶᠢᠨ ᠵᠠᠮ ᠥᠪ ᠰᠤᠶᠤᠯ ᠤᠨ ᠨᠠᠭᠠᠳᠤᠮ ᠳᠤ ᠣᠷᠣᠰ ᠂ ᠬᠢᠲᠠᠳ᠂ ᠹᠷᠠᠨᠼᠢ᠂ ᠭᠧᠷᠮᠠᠨ ᠵᠡᠷᠭᠡ ᠣᠷᠣᠨ ᠠᠴᠠ 60 ᠭᠠᠷᠤᠢ ᠬᠦᠮᠦᠨ ᠣᠷᠣᠯᠴᠠᠬᠤ ᠪᠠᠷ ᠬᠦᠰᠡᠯᠲᠡ ᠪᠡᠨ ᠢᠷᠡᠭᠦᠯᠵᠡᠢ᠃ ᠮᠥᠨ ︽ ᠴᠠᠢ ᠶᠢᠨ ᠵᠠᠮ 》ᠡᠷᠳᠡᠮ ᠰᠢᠨᠵᠢᠯᠡᠭᠡᠨ ᠦ ᠪᠠᠭ᠎ᠠ ᠬᠤᠷᠠᠯ ᠪᠣᠯᠤᠨ᠎ᠠ᠃
ᠠ᠊ ∙ ᠪᠢᠮᠪᠠᠰᠦ᠋ᠷᠦᠩ