ᠵᠢᠦ᠋ᠳᠣ᠋ ᠪᠥᠬᠡ ᠶᠢᠨ ᠨᠠᠰᠤᠨ ᠳᠤ ᠬᠦᠷᠦᠭᠴᠢᠳ ᠦᠨ ᠡᠷᠡᠭᠲᠡᠶᠢᠴᠦᠳ ᠦᠨ 32᠂ ᠡᠮᠡᠭᠲᠡᠶᠢᠴᠦᠳ ᠦᠨ 23᠂ ᠬᠣᠯᠢᠮᠠᠭ ᠪᠠᠭ ᠤᠨ ᠬᠤᠶᠠᠳᠠᠬᠢ ᠤᠳᠠᠭ᠎ᠠ ᠶᠢᠨ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠠᠽᠧᠷᠪᠠᠶᠢᠵᠠᠨ ᠤ ᠪᠠᠺᠦ᠋ ᠬᠤᠲᠠ ᠳᠤ ᠡᠬᠢᠯᠡᠭᠰᠡᠨ᠃ ᠡᠨᠡ ᠤᠳᠠᠭ᠎ᠠ ᠶᠢᠨ ᠲᠡᠮᠡᠴᠡᠭᠡᠨ ᠳᠦ 129 ᠣᠷᠣᠨ ᠤ 800 ᠣᠷᠴᠢᠮ ᠲᠠᠮᠢᠷᠴᠢᠨ ᠥᠷᠢᠰᠦᠯᠳᠦᠵᠦ ᠪᠠᠶᠢᠭ᠎ᠠ ᠪᠥᠭᠡᠳ ᠡᠳᠦᠷ ᠪᠦᠷᠢ ᠡᠷᠡᠭᠲᠡᠢ᠂ ᠡᠮᠡᠭᠲᠡᠢ ᠲᠤᠰ ᠪᠦᠷᠢ ᠨᠢᠭᠡ ᠵᠢᠩ ᠦᠨ ᠪᠠᠷᠢᠯᠳᠤᠭᠠᠨ ᠪᠣᠯᠤᠨ᠎ᠠ᠃ ᠥᠴᠥᠭᠡᠳᠦᠷ ᠡᠷᠡᠭᠲᠡᠶᠢᠴᠦᠳ ᠦᠨ 60᠂ ᠡᠮᠡᠭᠲᠡᠶᠢᠴᠦᠳ ᠦᠨ 48 ᠺᠢᠯᠦᠭᠷᠡᠮ ᠤᠨ ᠮᠸᠳᠠᠯᠲ᠋ᠠᠨ ᠨᠤᠭᠤᠳ ᠲᠣᠳᠣᠷᠠᠭᠰᠠᠨ᠃
ᠡᠷᠡᠭᠲᠡᠶᠢᠴᠦᠳ ᠦᠨ 60 ᠺᠢᠯᠦᠭᠷᠡᠮ ᠤᠨ ᠵᠢᠩ ᠳᠦ ᠪ ᠂ ᠠᠮᠦᠷᠲᠦ᠋ᠪᠰᠢᠨ ᠠᠩᠬ᠎ᠠ ᠤᠳᠠᠭ᠎ᠠ ᠨᠠᠰᠤᠨ ᠳᠤ ᠬᠦᠷᠦᠭᠴᠢᠳ ᠦᠨ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠳᠦ ᠵᠣᠳᠣᠭᠯᠠᠭᠰᠠᠨ ᠪᠥᠭᠡᠳ ᠨᠢᠭᠡ ᠴᠤ ᠢᠯᠠᠯᠲᠠ ᠠᠪᠴᠤ ᠴᠢᠳᠠᠯ ᠦᠭᠡᠢ ᠲᠡᠮᠡᠴᠡᠭᠡᠨ ᠢᠶᠡᠨ ᠳᠠᠭᠤᠰᠬᠠᠯ᠎ᠠ᠃ ᠬᠠᠷᠢᠨ ᠡᠮᠡᠭᠲᠡᠶᠢᠴᠦᠳ ᠦᠨ 48 ᠺᠢᠯᠦᠭᠷᠡᠮ ᠳᠦ ᠮ∙ᠤᠷᠠᠨᠴᠡᠴᠡᠭ ᠦᠽᠪᠸᠺᠰᠲ᠋ᠠᠨ᠂ ᠺᠦᠪᠠ᠂ ᠫᠤᠷᠲ᠋ᠦ᠋ᠭᠠᠯ ᠤᠨ ᠪᠥᠬᠡ ᠶᠢ ᠢᠯᠠᠭᠰᠠᠨ ᠴᠤ ᠬᠠᠭᠠᠰ ᠰᠢᠭᠰᠢᠭᠡ ᠳᠦ ᠥᠩᠭᠡᠷᠡᠭᠰᠡᠨ ᠵᠢᠯ ᠦᠨ ᠳᠡᠯᠡᠬᠡᠢ ᠶᠢᠨ ᠠᠪᠤᠷᠭᠤ ᠹᠦᠨᠠ ᠲᠤᠨᠠᠺᠢ ᠳᠤ ᠢᠯᠠᠭᠳᠠᠯ᠎ᠠ᠃
ᠤᠯᠠᠮ ᠢᠶᠠᠷ ᠬᠦᠷᠡᠯ ᠮᠧᠳᠠᠯ ᠤᠨ ᠲᠥᠯᠥᠭᠡ ᠬᠠᠰᠠᠭᠰᠲ᠋ᠠᠨ ᠤ ᠪᠥᠬᠡ ᠣᠯᠢᠮᠫ᠂ ᠳᠡᠯᠡᠬᠡᠢ ᠶᠢᠨ ᠠᠪᠤᠷᠭᠤ ᠶᠢᠨ ᠬᠦᠷᠡᠯ ᠮᠸᠳᠠᠯᠲᠤ ᠭ ∙ ᠣᠳᠬᠣᠨᠴᠡᠴᠡᠭ ᠲᠦ ᠢᠯᠠᠭᠳᠠᠭᠰᠠᠨ ᠢᠶᠠᠷ ᠱᠠᠩᠨᠠᠯᠲᠤ ᠲᠠᠪᠤᠳᠤᠭᠠᠷ ᠪᠠᠶᠢᠷᠢ ᠳᠤ ᠰᠢᠯᠭᠠᠷᠠᠪᠠ᠃ ᠲᠡᠭᠡᠪᠡᠯ ᠬᠠᠰᠠᠭᠰᠲ᠋ᠠᠨ ᠤ ᠪᠦᠬᠡᠴᠢᠨ ᠭ ∙ ᠣᠳᠬᠣᠨᠴᠡᠴᠡᠭ ᠳᠡᠯᠡᠬᠡᠢ ᠶᠢᠨ ᠠᠪᠤᠷᠭᠤ ᠶᠢᠨ ᠬᠣᠱᠣᠢ ᠬᠦᠷᠡᠯ ᠮᠸᠳᠠᠯ ᠲᠠᠢ ᠪᠣᠯᠤᠯ᠎ᠠ᠃
ᠮ ᠂ ᠠᠮᠤᠷᠵᠢᠷᠭᠠᠯ