ᠠᠮᠧᠷᠢᠺᠠ ᠶᠢᠨ ᠨᠢᠭᠡᠳᠦᠭᠰᠡᠨ ᠤᠯᠤᠰ ᠲᠤ ᠠᠯᠪᠠᠨ ᠶᠣᠰᠣᠨ ᠤ ᠠᠶᠢᠯᠴᠢᠯᠠᠯ ᠬᠢᠵᠦ ᠪᠤᠢ ᠮᠣᠩᠭᠣᠯ ᠤᠯᠤᠰ ᠤᠨ ᠶᠡᠷᠦᠩᠬᠡᠢ ᠰᠠᠶᠢᠳ ᠤ᠊᠂ ᠬᠦᠷᠡᠯᠰᠦ᠋ᠬᠡ 2018 ᠣᠨ ᠤ 9 ᠳ᠋ᠤᠭᠡᠷ ᠰᠠᠷ᠎ᠠ ᠶᠢᠨ 20 ᠍ ᠤ ᠡᠳᠦᠷ ᠠᠮᠧᠷᠢᠺᠠ ᠳᠦ ᠣᠷᠣᠰᠢᠨ ᠰᠠᠭᠤᠭ᠎ᠠ ᠮᠣᠩᠭᠣᠯ ᠢᠷᠭᠡᠳ ᠦᠨ ᠲᠦᠯᠦᠭᠡᠯᠡᠯ ᠲᠠᠢ ᠠᠭᠤᠯᠵᠠᠵᠤ᠂ ᠮᠣᠩᠭᠣᠯ ᠤᠯᠤᠰ ᠤᠨ ᠨᠡᠶᠢᠭᠡᠮ᠂ ᠡᠳ᠋ ᠍ ᠦᠨ ᠵᠠᠰᠠᠭ ᠤᠨ ᠥᠨᠥ ᠶᠢᠨ ᠪᠠᠶᠢᠳᠠᠯ ᠤᠨ ᠲᠠᠯ᠎ᠠ ᠪᠠᠷ ᠮᠡᠳᠡᠭᠡᠯᠡᠯ ᠬᠢᠵᠦ᠂ ᠢᠷᠭᠡᠳ ᠦᠨ ᠰᠣᠨᠢᠷᠬᠠᠭᠰᠠᠨ ᠠᠰᠠᠭᠤᠯᠲᠠ ᠳᠤ ᠬᠠᠷᠢᠭᠤ ᠥᠭᠪᠡ᠃ ᠲᠡᠷᠡ ᠪᠡᠷ ᠡᠨᠡ ᠤᠳᠠᠭ᠎ᠠ ᠶᠢᠨ ᠠᠮᠧᠷᠢᠺᠠ ᠳᠦ ᠬᠢᠵᠦ ᠪᠤᠢ ᠠᠶᠢᠯᠴᠢᠯᠠᠯ ᠢᠶᠠᠷ ᠬᠣᠶᠠᠷ ᠲᠠᠯ᠎ᠠ ᠶᠢᠨ ᠬᠠᠷᠢᠯᠴᠠᠭ᠎ᠠ ᠰᠢᠨ᠎ᠡ ᠱᠠᠲᠤᠨ ᠳᠤ ᠭᠠᠷᠴᠤ᠂ ᠥᠷᠭᠡᠳᠬᠡᠭᠰᠡᠨ ᠢᠵᠢ ᠪᠦᠷᠢᠨ ᠲᠦᠩᠰᠢᠯᠡᠯ ᠦᠨ ᠲᠦᠪᠰᠢᠨ ᠳᠦ ᠬᠦᠷᠦᠭᠰᠡᠨ ᠢ ᠣᠨᠴᠠᠯᠠᠵᠤ᠂ ᠮᠣᠩᠭᠣᠯ ᠠᠮᠧᠷᠢᠺᠠ ᠶᠢᠨ ᠬᠣᠭᠣᠷᠣᠨᠳᠣ ᠶᠢᠨ ᠡᠳ᠋ ᠍ ᠦᠨ ᠵᠠᠰᠠᠭ ᠤᠨ ᠥᠷᠭᠡᠳᠬᠡᠭᠰᠡᠨ ᠲᠦᠩᠰᠢᠯᠡᠯ ᠦᠨ ᠲᠤᠬᠠᠢ ᠵᠠᠮ ᠤᠨ ᠵᠢᠷᠤᠭᠯᠠᠯ ᠢ ᠲᠣᠬᠢᠷᠠᠵᠤ ᠬᠡᠷᠡᠭᠵᠢᠭᠦᠯᠬᠦ ᠪᠡᠷ ᠪᠣᠯᠤᠭᠰᠠᠨ ᠢ ᠮᠡᠳᠡᠭᠡᠯᠡᠪᠡ᠃
ᠶᠡᠷᠦᠩᠬᠡᠢ ᠰᠠᠶᠢᠳ ᠮᠣᠩᠭᠣᠯ ᠤᠯᠤᠰ ᠤᠨ ᠵᠠᠰᠠᠭ ᠤᠨ ᠭᠠᠵᠠᠷ ᠠᠴᠠ ᠬᠢᠯᠢ ᠶᠢᠨ ᠴᠢᠨᠠᠳᠤ ᠳᠤ ᠠᠵᠤ ᠲᠦᠷᠦᠵᠦ ᠪᠤᠢ ᠪᠤᠢ ᠢᠷᠭᠡᠳ ᠢᠶᠡᠨ ᠬᠠᠮᠠᠭᠠᠯᠠᠬᠤ᠂ ᠱᠠᠭᠠᠷᠳᠠᠯᠭ᠎ᠠ ᠲᠠᠢ ᠦᠶ᠎ᠡ ᠳᠦ ᠲᠤᠰᠠᠯᠠᠵᠤ ᠳᠡᠮᠵᠢᠬᠦ ᠵᠡᠷᠭᠡ ᠠᠪᠴᠤ ᠬᠡᠷᠡᠭᠵᠢᠭᠦᠯᠵᠦ ᠪᠤᠢ ᠠᠵᠢᠯ ᠤᠨ ᠲᠠᠯ᠎ᠠ ᠪᠠᠷ ᠲᠠᠨᠢᠯᠴᠠᠭᠤᠯᠵᠤ᠂ ᠠᠮᠧᠷᠢᠺᠠ ᠳᠦ ᠮᠠᠨ ᠤ ᠢᠷᠭᠡᠳ ᠵᠣᠷᠴᠢᠬᠤ᠂ ᠣᠷᠣᠰᠢᠨ ᠰᠠᠭᠤᠬᠤ ᠲᠠᠭᠠᠲᠠᠢ ᠡᠷᠬᠡ ᠵᠦᠢ ᠶᠢᠨ ᠣᠷᠴᠢᠨ ᠢ ᠪᠦᠷᠢᠳᠦᠭᠦᠯᠬᠦ ᠳᠦ ᠵᠠᠷᠢᠮ ᠠᠬᠢᠴᠠ ᠭᠠᠷᠴᠤ᠂ ᠮᠣᠩᠭᠣᠯ ᠢᠷᠭᠡᠳ ᠠᠮᠧᠷᠢᠺᠠ ᠳᠦ H2A᠂ H2B ᠸᠢᠰᠠ ᠪᠠᠷ ᠬᠥᠳᠡᠯᠮᠦᠷᠢ ᠡᠷᠬᠢᠯᠡᠬᠦ ᠶᠢ ᠵᠥᠪᠰᠢᠶᠡᠷᠡᠭᠰᠡᠨ ᠰᠢᠢᠳᠪᠦᠷᠢ ᠭᠠᠷᠭᠠᠭᠤᠯᠤᠭᠰᠠᠨ ᠢ ᠣᠨᠴᠠᠯᠠᠨ ᠲᠡᠮᠳᠡᠭᠯᠡᠪᠡ᠃ ᠡᠨᠡᠬᠦ ᠠᠭᠤᠯᠵᠠᠯᠲᠠ ᠳᠤ ᠸᠠᠰᠢᠩᠲ᠋ᠣᠨ ᠳ᠋ᠢᠰᠢ ᠣᠷᠴᠢᠮ ᠤᠨ ᠮᠣᠩᠭᠣᠯᠴᠤᠳ ᠤᠨ ᠬᠣᠯᠪᠣᠭ᠎ᠠ᠂ ︽ᠮᠣᠩᠭᠣᠯ ᠰᠤᠶᠤᠯ ᠤᠨ ᠲᠥᠪ ︾ ᠲᠥᠷᠥ ᠶᠢᠨ ᠪᠤᠰᠤ ᠪᠠᠶᠢᠭᠤᠯᠤᠯᠭ᠎ᠠ᠂ ᠸᠠᠰᠢᠩᠲ᠋ᠣᠨ ᠬᠣᠲᠠ ᠳᠠᠬᠢ ᠮᠣᠩᠭᠣᠯ ᠰᠤᠷᠭᠠᠭᠤᠯᠢ᠂ ︽ᠰᠤᠶᠤᠯ︾ ᠲᠥᠪ ᠵᠡᠷᠭᠡ ᠮᠣᠩᠭᠣᠯᠴᠤᠳ ᠤᠨ ᠡᠭᠦᠰᠬᠡᠯ ᠰᠠᠨᠠᠭᠠᠴᠢᠯᠠᠭ᠎ᠠ ᠶᠢᠨ ᠪᠠᠶᠢᠭᠤᠯᠤᠯᠭ᠎ᠠ ᠶᠢᠨ ᠲᠥᠯᠥᠭᠡᠯᠡᠯ᠂ ᠪᠢᠽᠢᠨᠧᠰ ᠡᠷᠬᠢᠯᠡᠭᠴᠢᠳ ᠵᠡᠷᠭᠡ 150 ᠭᠠᠷᠤᠢ ᠢᠷᠭᠡᠨ ᠤᠷᠤᠯᠴᠠᠪᠠ᠃ ᠥᠨᠥᠳᠥᠷ ᠦᠨ ᠪᠠᠶᠢᠳᠠᠯ ᠢᠶᠠᠷ ᠠᠮᠧᠷᠢᠺᠠ ᠳᠦ 30 ᠭᠠᠷᠤᠢ ᠮᠢᠩᠭᠠᠨ ᠮᠣᠩᠭᠣᠯ ᠢᠷᠭᠡᠨ ᠣᠷᠣᠰᠢᠨ ᠰᠠᠭᠤᠵᠤ ᠪᠠᠶᠢᠨ᠎ᠠ᠃ 1999-2017 ᠣᠨ ᠳᠤ ᠮᠠᠨ ᠤ ᠤᠯᠤᠰ ᠤᠨ 160 ᠭᠠᠷᠤᠢ ᠮᠢᠩᠭᠠᠨ ᠢᠷᠭᠡᠨ ᠠᠮᠧᠷᠢᠺᠠ ᠳᠦ ᠵᠣᠷᠴᠢᠭᠰᠠᠨ ᠪᠥᠭᠡᠳ ᠵᠢᠯ ᠳᠦ ᠳᠤᠮᠳᠠᠴᠢ ᠪᠠᠷ 10 ᠭᠠᠷᠤᠢ ᠮᠢᠩᠭᠠᠨ ᠮᠣᠩᠭᠣᠯ ᠢᠷᠭᠡᠨ ᠠᠮᠧᠷᠢᠺᠠ ᠳᠦ ᠵᠣᠷᠴᠢᠵᠤ ᠪᠠᠶᠢᠨ᠎ᠠ᠃