ᠶᠡᠬᠡ ᠪᠷᠢᠲ᠋ᠠᠨ ᠤ ᠴᠡᠷᠢᠭ ᠦᠨ ᠫᠤᠯᠤᠨ ᠬᠣᠯᠪᠣᠭᠠᠨ ᠤ ᠪᠠᠭ ᠮᠣᠩᠭᠣᠯ ᠤᠨ ᠪᠠᠲᠤᠯᠠᠨ ᠬᠠᠮᠠᠭᠠᠯᠠᠬᠤ ᠶᠠᠮᠤᠨ ᠤ ᠫᠤᠯᠤᠨ ᠪᠠᠭ ᠲᠠᠢ ᠬᠢᠬᠦ ᠨᠥᠬᠥᠷᠰᠡᠭ ᠲᠣᠭᠯᠠᠯᠲᠠ ᠭᠠᠴᠤᠷᠠᠲᠤ ᠳ᠋ᠡᠬᠢ ︽ᠬᠠᠭᠠᠨ ᠫᠣᠯᠣ ᠺᠯᠦ᠋ᠫ ︾ ᠲᠤ 9 ᠳ᠋ᠤᠭᠡᠷ ᠰᠠᠷ᠎ᠠ ᠶᠢᠨ 22 ᠍ ᠤ ᠡᠳᠦᠷ 13᠄30 ᠴᠠᠭ ᠲᠤ ᠪᠣᠯᠬᠤ ᠭᠡᠵᠦ ᠪᠠᠶᠢᠨ᠎ᠠ᠃ ᠪᠠᠭ ᠤᠳ ᠲᠣᠭᠯᠠᠯᠲᠠ ᠪᠠᠷ ᠢᠶᠠᠨ ᠪᠷᠢᠲ᠋ᠠᠨ ᠮᠣᠩᠭᠣᠯ ᠤᠯᠤᠰ ᠤᠨ ᠪᠠᠲᠤᠯᠠᠨ ᠬᠠᠮᠠᠭᠠᠯᠠᠯ᠂ ᠰᠫᠣᠷᠲ᠂ ᠠᠶᠠᠯᠠᠯ ᠵᠢᠭᠤᠯᠴᠢᠯᠠᠯ ᠤᠨ ᠬᠠᠷᠢᠯᠴᠠᠭ᠎ᠠ ᠶᠢ ᠭᠦᠨᠵᠡᠭᠡᠶᠢᠷᠡᠭᠦᠯᠬᠦ ᠵᠣᠷᠢᠯᠭ᠎ᠠ ᠲᠠᠢ᠃ ᠡᠮᠦᠨ᠎ᠡ ᠨᠢ 2015᠂ 2016 ᠣᠨ ᠳᠤ ᠭᠤᠷᠪᠠᠨ ᠤᠳᠠᠭ᠎ᠠ ᠵᠣᠬᠢᠶᠠᠨ ᠪᠠᠶᠢᠭᠤᠯᠵᠤ ᠪᠠᠶᠢᠭᠰᠠᠨ ᠶᠦ᠋ᠮ᠃ ᠳᠥᠷᠪᠡ ᠳ᠋ᠡᠬᠢ ᠲᠣᠭᠯᠠᠯᠲᠠ ᠶᠢᠨ ᠡᠮᠦᠨ᠎ᠡ ᠪᠠᠭ ᠤᠳ ᠬᠠᠮᠲᠤᠷᠠᠨ ᠪᠡᠯᠡᠳᠬᠡᠯ ᠬᠢᠵᠦ᠂ ᠲᠧᠭᠨᠢᠭ ᠦᠨ ᠲᠤᠷᠰᠢᠯᠭ᠎ᠠ ᠰᠣᠯᠢᠯᠴᠠᠨ᠎ᠠ᠃ ᠡᠨᠡ ᠲᠠᠯ᠎ᠠ ᠪᠠᠷ ᠡᠯᠴᠢᠨ ᠰᠠᠶᠢᠳ ᠹᠢᠯᠢᠫ ᠮᠠᠯᠤᠨ ᠬᠡᠯᠡᠬᠦ ᠳᠦ ᠪᠡᠨ᠄ ᠪᠢᠳᠡ ᠪᠷᠢᠲ᠋ᠠᠨ ᠤ ᠴᠡᠷᠢᠭ ᠦᠨ ᠫᠤᠯᠤᠨ ᠪᠠᠭ ᠢ ᠮᠣᠩᠭᠣᠯ ᠳᠤ ᠳᠠᠬᠢᠨ ᠤᠷᠢᠵᠤ ᠪᠠᠶᠢᠭ᠎ᠠ ᠳᠤ ᠪᠠᠨ ᠶᠡᠬᠡ ᠪᠠᠶᠠᠷᠲᠠᠢ ᠪᠠᠶᠢᠨ᠎ᠠ᠃ ᠡᠨᠡ ᠵᠢᠯ ᠪᠢᠳᠡ ᠢᠯᠡᠭᠦᠦ ᠣᠯᠠᠨ ᠪᠠᠭ ᠲᠠᠢ᠂ ᠢᠯᠡᠭᠦᠦ ᠲᠣᠮᠣ ᠲᠣᠭᠯᠠᠯᠲᠠ ᠵᠣᠬᠢᠶᠠᠨ ᠪᠠᠶᠢᠭᠤᠯᠬᠤ ᠲᠤᠯᠠ ᠣᠯᠠᠨ ᠬᠦᠮᠦᠨ ᠰᠫᠣᠷᠲ ᠤᠨ ᠲᠣᠭᠯᠠᠯᠲᠠ ᠶᠢ ᠢᠷᠡᠵᠦ ᠰᠣᠨᠢᠷᠬᠠᠭᠠᠰᠠᠢ ᠭᠡᠵᠦ ᠬᠦᠰᠡᠵᠦ ᠪᠠᠶᠢᠨ᠎ᠠ᠃
ᠶᠡᠬᠡ ᠪᠷᠢᠲ᠋ᠠᠨ ᠤᠮᠠᠷᠠᠳᠤ ᠠᠶᠢᠷᠯᠠᠨᠳ᠋ ᠤᠨ ᠨᠢᠭᠡᠲᠦᠭᠰᠡᠨ ᠸᠠᠩᠲᠤ ᠤᠯᠤᠰ᠂ ᠮᠣᠩᠭᠣᠯ ᠤᠯᠤᠰ ᠬᠣᠶᠠᠭᠤᠯᠠ ᠪᠠᠨ ᠠᠳᠤᠭᠤ ᠶᠢ ᠳᠡᠭᠡᠳᠦᠯᠡᠨ ᠬᠦᠨᠳᠦᠯᠡᠵᠦ᠂ ᠬᠡᠷᠡᠭᠯᠡᠵᠦ ᠢᠷᠡᠭᠰᠡᠨ ᠲᠡᠦᠬᠡᠨ ᠤᠯᠠᠮᠵᠢᠯᠠᠯ ᠲᠠᠢ ᠃ ᠲᠡᠶᠢᠮᠦ ᠡᠴᠡ ᠮᠢᠨᠦ ᠪᠡᠶ᠎ᠡ ᠡᠨᠡ ᠰᠫᠣᠷᠲ ᠢᠶᠠᠷ ᠬᠣᠶᠠᠷ ᠣᠷᠣᠨ ᠤ ᠬᠢᠨ ᠬᠠᠮᠲᠤᠷᠠᠨ ᠲᠣᠭᠯᠠᠵᠤ ᠲᠡᠦᠬᠡᠨ ᠤᠯᠠᠮᠵᠢᠯᠠᠯ ᠢᠶᠠᠨ ᠬᠠᠳᠠᠭᠠᠯᠠᠵᠤ ᠪᠠᠶᠢᠭ᠎ᠠ ᠳᠤ ᠪᠠᠶᠠᠷᠲᠠᠢ ᠪᠠᠶᠢᠨ᠎ᠠ᠃ ᠪᠢᠳᠡᠨ ᠦ ᠬᠣᠶᠠᠷ ᠤᠯᠤᠰ ᠤᠨ ᠵᠢᠷᠦᠬᠡᠨ ᠳᠦ ᠰᠫᠣᠷᠲ ᠢ ᠬᠥᠭᠵᠢᠶᠡᠨ ᠳᠡᠮᠵᠢᠬᠦ᠂ ᠪᠠᠬᠠᠷᠬᠠᠬᠤ ᠰᠡᠳᠬᠢᠯ ᠬᠠᠳᠠᠭᠠᠲᠠᠢ ᠪᠠᠶᠢᠳᠠᠭ᠃ ᠮᠠᠨ ᠤ ᠬᠣᠶᠠᠷ ᠤᠯᠤᠰ ᠬᠣᠶᠠᠭᠤᠯᠠ ᠪᠠᠨ ᠳᠡᠯᠡᠬᠡᠢ ᠶᠢᠨ ᠳᠡᠪᠵᠢᠶᠡᠨ ᠳᠦ ᠣᠯᠠᠨ ᠲᠥᠷᠥᠯ ᠢᠶᠡᠷ ᠠᠮᠵᠢᠯᠲᠠ ᠭᠠᠷᠭᠠᠵᠤ ᠪᠠᠶᠢᠭᠰᠠᠨ᠃ ᠡᠶᠢᠮᠦ ᠡᠴᠡ ᠰᠫᠣᠷᠲ ᠢ ᠬᠣᠶᠠᠷ ᠤᠯᠤᠰ ᠤᠨ ᠬᠠᠮᠲᠤ ᠶᠢᠨ ᠠᠵᠢᠯᠯᠠᠭᠠᠨ ᠤ ᠪᠠᠰᠠ ᠨᠢᠭᠡᠨ ᠰᠠᠯᠪᠤᠷᠢ ᠪᠣᠯᠭᠠᠬᠤ ᠨᠢ ᠵᠥᠪ ᠠᠯᠬᠤᠮ ᠶᠤᠮ ᠭᠡᠪᠡ᠃
ᠡᠬᠢ ᠰᠤᠷᠪᠤᠯᠵᠢ᠄ ᠪᠷᠢᠲ᠋ᠠᠨ ᠣ ᠡᠯᠴᠢᠨ ᠰᠠᠶᠢᠳ ᠤᠨ ᠶᠠᠮᠤᠨ