ᠢᠨᠹᠯᠢᠶᠠᠼ ᠤᠨ ᠲᠦᠪᠰᠢᠨ ᠥᠩᠭᠡᠷᠡᠭᠰᠡᠨ ᠨᠠᠶᠢᠮᠠᠳᠤᠭᠠᠷ ᠰᠠᠷ᠎ᠠ ᠳᠤ 0.8 ᠬᠤᠪᠢ ᠪᠣᠯᠵᠤ ᠪᠠᠭᠤᠷᠠᠯ᠎ᠠ ᠬᠡᠮᠡᠨ ᠦᠨᠳᠦᠰᠦᠨ ᠦ ᠰᠲ᠋ᠠᠲ᠋ᠢᠰᠲ᠋ᠢᠺ ᠤᠨ ᠬᠣᠷᠢᠶᠠᠨ ᠠᠴᠠ ᠮᠡᠳᠡᠭᠡᠯᠡᠯ᠎ᠡ᠃ ᠬᠠᠷᠢᠨ ᠢᠨᠹᠯᠢᠶᠠᠼ ᠤᠨ ᠦᠵᠡᠭᠦᠯᠦᠯᠲᠡ ᠡᠮᠦᠨᠡᠬᠢ ᠣᠨ ᠤ ᠡᠴᠦᠰ ᠡᠴᠡ 4.6 ᠬᠤᠪᠢ ᠪᠠᠷ᠂ ᠡᠮᠦᠨᠡᠬᠢ ᠣᠨ ᠤ ᠮᠥᠨ ᠦᠶ᠎ᠡ ᠡᠴᠡ 6.0 ᠬᠤᠪᠢ ᠪᠠᠷ ᠥᠰᠦᠭᠰᠡᠨ ᠪᠠᠶᠢᠨ᠎ᠠ᠃ 6.0 ᠬᠤᠪᠢ ᠪᠠᠷ ᠥᠰᠬᠦ ᠳᠦ ᠬᠦᠨᠡᠰᠦᠨ ᠦ ᠪᠠᠷᠠᠭ᠎ᠠ᠂ ᠡᠮ ᠲᠠᠷᠢᠶ᠎ᠠ᠂ ᠡᠮᠴᠢᠯᠡᠭᠡᠨ ᠦ ᠪᠦᠯᠦᠭ ᠦᠨ ᠦᠨ᠎ᠡ᠂ ᠣᠷᠣᠨ ᠰᠠᠭᠤᠴᠠ ᠤᠰᠤ ᠴᠠᠬᠢᠯᠭᠠᠨ ᠪᠦᠯᠦᠭ ᠦᠨ ᠳ᠋ᠦᠩ ᠨᠥᠯᠦᠭᠡᠯᠡᠵᠡᠢ᠃ ᠲᠡᠭᠦᠨᠴᠢᠯᠡᠨ ᠢᠨᠹᠯᠢᠶᠠᠼ ᠡᠮᠦᠨᠡᠭᠣᠪᠢ᠂ ᠭᠣᠪᠢ-ᠠᠯᠲᠠᠢ᠂ ᠪᠠᠶᠠᠨ-ᠥᠯᠥᠭᠡᠢ᠂ ᠳᠣᠷᠣᠨᠠᠲᠤ ᠠᠶᠢᠮᠠᠭ ᠲᠤ 0.1-0.7 ᠬᠤᠪᠢ ᠪᠠᠷ ᠦᠰᠴᠦ᠂ ᠪᠤᠰᠤᠳ ᠠᠶᠢᠮᠠᠭ ᠲᠤ 0.5-2.0 ᠬᠤᠪᠢ ᠪᠠᠷ ᠪᠠᠭᠤᠷᠠᠭᠰᠠᠨ ᠪᠠᠶᠢᠨ᠎ᠠ᠃ ᠬᠠᠷᠢᠨ ᠬᠡᠨᠲᠡᠢ ᠠᠶᠢᠮᠠᠭ ᠲᠤ 0.7 ᠬᠤᠪᠢᠶᠠᠷᠢ ᠥᠰᠦᠭᠰᠡᠨ ᠨᠢ ᠬᠠᠮᠤᠭ ᠤᠨ ᠥᠨᠳᠥᠷ ᠦᠵᠡᠭᠦᠯᠦᠯᠲᠡ ᠶᠤᠮ᠃
ᠤᠯᠠᠭᠠᠨᠪᠠᠭᠠᠲᠤᠷ ᠬᠤᠲᠠ ᠳᠤ ᠨᠠᠢᠮᠠᠳᠤᠭᠠᠷ ᠰᠠᠷ᠎ᠠ ᠳᠤ 0.9 ᠬᠤᠪᠢᠶᠠᠷᠢ ᠪᠠᠭᠤᠷᠠᠵᠤ᠂ ᠡᠮᠦᠨᠡᠬᠢ ᠣᠨ ᠤ ᠮᠥᠨ ᠦᠶ᠎ᠡ ᠡᠴᠡ 6.4 ᠬᠤᠪᠢ ᠪᠠᠷ ᠥᠰᠬᠦ ᠳᠦ ᠲᠡᠭᠡᠭᠡᠪᠦᠷᠢ ᠶᠢᠨ ᠪᠦᠯᠦᠭ ᠦᠨ ᠦᠨ᠎ᠡ ᠳ᠋ᠦᠩ ᠢᠶᠡᠷ ᠢᠶᠡᠨ 4.7 ᠬᠤᠪᠢ᠂ ᠰᠤᠭᠳᠤᠭᠤᠷᠠᠭᠤᠯᠬᠤ ᠤᠮᠳᠠᠭ᠎ᠠ᠂ ᠲᠠᠮᠠᠬᠢᠨ ᠤ ᠪᠦᠯᠦᠭ ᠦᠨ ᠦᠨ᠎ᠡ ᠳ᠋ᠦᠩ ᠢᠶᠡᠷ ᠢᠶᠡᠨ 8.2 ᠬᠤᠪᠢ᠂ ᠣᠷᠣᠨ ᠰᠠᠭᠤᠴᠠ᠂ ᠤᠰᠤ᠂ ᠴᠠᠬᠢᠯᠭᠠᠨ᠂ ᠲᠦᠯᠡᠰᠢᠨ ᠦ ᠪᠦᠯᠦᠭ ᠦᠨ ᠦᠨ᠎ᠡ ᠳ᠋ᠦᠩ ᠢᠶᠡᠷ ᠢᠶᠡᠨ 15.7 ᠬᠤᠪᠢᠶᠠᠷᠢ ᠥᠰᠦᠭᠰᠡᠨ ᠨᠢ ᠭᠣᠣᠯᠯᠠᠨ ᠨᠥᠯᠦᠭᠡᠯᠡᠭᠰᠡᠨ ᠪᠠᠶᠢᠨ᠎ᠠ᠃
ᠪ ∙ ᠵᠠᠶᠠᠭ᠎ᠠ