ᠫᠦᠲ᠋ᠢᠨ ᠣᠷᠣᠰ᠂ ᠬᠢᠲᠠᠳ᠂ ᠮᠣᠩᠭᠣᠯ ᠴᠡᠷᠢᠭ ᠦᠳ ᠢ ᠱᠠᠩᠨᠠᠵᠠᠢ | News.MN

ᠫᠦᠲ᠋ᠢᠨ ᠣᠷᠣᠰ᠂ ᠬᠢᠲᠠᠳ᠂ ᠮᠣᠩᠭᠣᠯ ᠴᠡᠷᠢᠭ ᠦᠳ ᠢ ᠱᠠᠩᠨᠠᠵᠠᠢ

ᠣᠷᠣᠰ ᠤᠨ ᠬᠣᠯᠪᠣᠭᠠᠨ ᠤ ᠤᠯᠤᠰ ᠤᠨ ᠶᠡᠷᠦᠩᠬᠡᠶᠢᠯᠡᠭᠴᠢ ᠸᠯᠠᠳᠢᠮᠢᠷ ᠫᠦᠲ᠋ᠢᠨ ︽ᠸᠣᠰᠲ᠋ᠣᠺ 2018︾ ᠴᠡᠷᠢᠭ ᠦᠨ ᠰᠤᠷᠭᠠᠭᠤᠯᠢ ᠳᠤ ᠠᠮᠵᠢᠯᠲᠠ ᠭᠠᠷᠭᠠᠭᠰᠠᠨ ᠣᠷᠣᠰ᠂ ᠬᠢᠲᠠᠳ᠂ ᠮᠣᠩᠭᠣᠯ ᠤᠨ ᠠᠷᠮᠢ ᠶᠢᠨ 10 ᠠᠯᠪᠠ ᠬᠠᠭᠠᠭᠴᠢ ᠶᠢ ᠥᠴᠥᠭᠡᠳᠦᠷ ᠱᠠᠩᠨᠠᠵᠠᠢ᠃ ᠲᠡᠷᠡ ᠪᠡᠷ  ᠸᠯᠠᠳᠢᠸᠤᠰᠲ᠋ᠤᠺ ᠬᠤᠲᠠ ᠳᠤ ᠪᠣᠯᠵᠤ ᠥᠩᠭᠡᠷᠡᠭᠰᠡᠨ ᠳᠣᠷᠣᠨ᠎ᠠ ᠶᠢᠨ ᠡᠳ᠋ ᠍ ᠦᠨ ᠵᠠᠰᠠᠭ ᠤᠨ ᠴᠢᠭᠤᠯᠭᠠᠨ ᠠᠴᠠ ᠪᠤᠴᠠᠬᠤ ᠵᠠᠮ ᠳᠤ ᠪᠠᠨ ᠭᠤᠷᠪᠠᠨ ᠣᠷᠣᠨ ᠤ ᠴᠡᠷᠢᠭ ᠳᠠᠶᠢᠴᠢᠳ ᠴᠤᠭᠯᠠᠭᠠᠳ ᠪᠠᠶᠢᠭ᠎ᠠ ᠴᠤᠭᠣᠯ ᠰᠤᠷᠭᠠᠯᠲᠠ ᠶᠢᠨ ᠲᠠᠯᠠᠪᠠᠢ ᠳᠤ ᠵᠣᠴᠢᠯᠠᠭᠰᠠᠨ ᠶᠤᠮ᠃
ᠣᠷᠣᠰ ᠤᠨ 4᠂ ᠬᠢᠲᠠᠳ ᠤᠨ 4᠂ ᠮᠣᠩᠭᠣᠯ ᠤᠨ 2 ᠠᠯᠪᠠ ᠬᠠᠭᠠᠭᠴᠢ ᠶᠢ ᠡᠨᠡ ᠦᠶ᠎ᠡ ᠪᠡᠷ ᠱᠠᠩᠨᠠᠵᠠᠢ᠃ ︽ᠸᠣᠰᠲ᠋ᠣᠺ 2018︾ ᠠᠷᠭ᠎ᠠ ᠬᠡᠮᠵᠢᠶ᠎ᠡ ᠨᠢ ᠣᠷᠣᠰ ᠤᠨ ᠠᠷᠮᠢ ᠶᠢᠨ ᠲᠡᠦᠬᠡᠨ ᠳᠦ ᠬᠠᠮᠤᠭ ᠤᠨ ᠲᠣᠮᠣ ᠴᠡᠷᠢᠭ ᠦᠨ ᠰᠤᠷᠭᠠᠭᠤᠯᠢ  ᠳᠤ ᠲᠣᠭᠠᠴᠠᠭᠳᠠᠵᠤ ᠪᠠᠶᠢᠭ᠎ᠠ᠃ ᠬᠠᠮᠤᠭ ᠤᠨ ᠰᠡᠭᠦᠯ ᠳᠦ 1981 ᠣᠨ ᠳᠤ ᠵᠥᠪᠯᠡᠯᠲᠦ ᠬᠣᠯᠪᠣᠭᠠᠲᠤ ᠤᠯᠤᠰ ᠡᠶᠢᠮᠦ ᠬᠡᠮᠵᠢᠶᠡᠨ ᠦ ᠰᠤᠷᠭᠠᠭᠤᠯᠢ ᠵᠣᠬᠢᠶᠠᠨ ᠪᠠᠶᠢᠭᠤᠯᠵᠤ ᠪᠠᠶᠢᠵᠠᠢ᠃ ᠶᠢᠰᠦᠳᠦᠭᠡᠷ ᠰᠠᠷ᠎ᠠ ᠶᠢᠨ 11-17 ᠍ ᠤ ᠬᠣᠭᠣᠷᠣᠨᠳᠣ ᠪᠣᠯᠵᠤ ᠪᠠᠶᠢᠭ᠎ᠠ ᠡᠨᠡᠬᠦ ᠠᠵᠢᠯᠯᠠᠭᠠᠨ ᠳᠤ 300000 ᠴᠡᠷᠢᠭ᠂ 36000 ᠲᠠᠩᠺ᠂ ᠬᠤᠶᠠᠭᠲᠤ ᠲᠡᠷᠭᠡ᠂ 1000 ᠨᠢᠰᠬᠦ ᠣᠩᠭᠣᠴᠠ᠂ ᠨᠢᠰᠳᠡᠭ ᠲᠡᠷᠭᠡ᠂ ᠲᠡᠩᠭᠢᠰ ᠦᠨ 80 ᠬᠥᠯᠥᠭ ᠣᠷᠣᠯᠴᠠᠵᠤ ᠪᠠᠶᠢᠭ᠎ᠠ ᠶᠤᠮ᠃

ᠷ ᠂ ᠲᠡᠮᠦᠷ
ᠡᠬᠢ ᠰᠤᠷᠪᠤᠯᠵᠢ᠄ ᠲᠠᠰᠰ

ᠰᠡᠳᠬᠢᠭᠳᠡᠯ ᠦᠯᠡᠳᠡᠭᠡᠬᠦ

2 ᠰᠡᠳᠬᠢᠭᠳᠡᠯ

Avatar

iTheme 2018-09-14 103.50.206.32

sakdmlksdflksdfskldfn

Avatar

iTheme 2018-09-14 103.50.206.32

dsfsfsfsdf