ᠭᠣᠪᠢ-ᠠᠯᠲᠠᠢ ᠠᠶᠢᠮᠠᠭ ᠲᠤ ᠵᠢᠯ ᠪᠦᠷᠢ ᠤᠯᠠᠮᠵᠢᠯᠠᠯ ᠪᠣᠯᠭᠠᠨ ᠵᠣᠬᠢᠶᠠᠭᠳᠠᠳᠠᠭ ︽ᠠᠯᠲᠠᠢ ᠶᠢᠨ ᠪᠠᠬᠠᠷᠬᠠᠯ ︾ ᠨᠠᠭᠠᠳᠤᠮ ᠡᠨᠡ ᠠᠮᠠᠷᠠᠯᠲᠠ ᠶᠢᠨ ᠡᠳᠦᠷ ᠦᠳ ᠪᠤᠶᠤ ᠶᠢᠰᠦᠳᠦᠭᠡᠷ ᠰᠠᠷ᠎ᠠ ᠶᠢᠨ 8᠂ 9 ᠍ ᠳᠤ ᠪᠣᠯᠬᠤ ᠭᠡᠵᠦ ᠪᠠᠶᠢᠨ᠎ᠠ᠃
2010 ᠣᠨ ᠠᠴᠠ ᠡᠬᠢᠯᠡᠨ ᠤᠯᠠᠮᠵᠢᠯᠠᠯ ᠪᠣᠯᠭᠠᠨ ᠵᠣᠬᠢᠶᠠᠭᠳᠠᠬᠤ ᠪᠣᠯᠤᠭᠰᠠᠨ ᠤᠭ ᠨᠠᠭᠠᠳᠤᠮ ᠢ ᠡᠨᠡ ᠵᠢᠯ ᠤᠯᠤᠰ ᠤᠨ ᠶᠡᠬᠡ ᠬᠤᠷᠠᠯ ᠤᠨ ᠭᠡᠰᠢᠭᠦᠨ᠂ ᠬᠠᠤᠯᠢ ᠵᠦᠢ ᠶᠢᠨ ᠪᠠᠶᠢᠩᠭᠤ ᠶᠢᠨ ᠬᠣᠷᠢᠶᠠᠨ ᠤ ᠳᠠᠷᠤᠭ᠎ᠠ ᠱ ∙ ᠷᠠᠳᠨᠠᠰᠸᠳᠢ ᠢᠪᠡᠭᠡᠨ ᠲᠡᠳᠬᠦᠵᠦ ᠲᠤᠰ ᠠᠶᠢᠮᠠᠭ ᠤᠨ ᠢᠷᠭᠡᠳ ᠦᠨ ᠲᠥᠯᠥᠭᠡᠯᠡᠭᠴᠢᠳ ᠦᠨ ᠬᠤᠷᠠᠯ᠂ ᠵᠠᠰᠠᠭ ᠳᠠᠷᠤᠭ᠎ᠠ ᠶᠢᠨ ᠲᠠᠮᠠᠭ᠎ᠠ ᠶᠢᠨ ᠭᠠᠵᠠᠷ ᠍ ᠲᠠᠢ ᠬᠠᠮᠲᠤᠷᠠᠨ ᠵᠣᠬᠢᠶᠠᠨ ᠪᠠᠶᠢᠭᠤᠯᠬᠤ ᠠᠵᠡᠢ᠃
ᠨᠠᠭᠠᠳᠤᠮ ᠭᠣᠪᠢ-ᠠᠯᠲᠠᠢ ᠠᠶᠢᠮᠠᠭ ᠤᠨ ᠮᠣᠷᠢ ᠪᠠᠷᠢᠶᠠᠨ ᠤ ᠭᠠᠵᠠᠷ ᠪᠣᠯᠬᠤ ︽ᠮᠠᠨᠳᠤᠯᠲᠠ ᠶᠢᠨ ᠳᠥᠷᠥᠯᠵᠢ ︾ ᠍ ᠳᠦ ᠪᠣᠯᠬᠤ ᠪᠥᠭᠡᠳ ᠮᠥᠨ ᠦᠶ᠎ᠡ ᠪᠡᠷ ᠦᠨᠳᠦᠰᠦᠨ ᠦ ᠪᠥᠬᠡ ᠶᠢᠨ ᠪᠠᠷᠢᠯᠳᠤᠭᠠᠨ᠂ ᠬᠤᠷᠳᠤᠨ ᠮᠣᠷᠢᠳ ᠤᠨ ᠤᠷᠤᠯᠳᠤᠭᠠᠨ᠂ ᠰᠤᠷ ᠤᠨ ᠬᠠᠷᠪᠤᠭᠠᠨ ᠶᠠᠪᠤᠭᠳᠠᠬᠤ ᠠᠴᠠ ᠭᠠᠳᠠᠨ᠎ᠠ 《ᠠᠳᠤᠭᠤᠴᠢᠨ 》 ᠲᠡᠮᠡᠴᠡᠭᠡᠨ᠂ ᠤᠷᠠᠯᠢᠭ ᠤᠨ ᠲᠣᠭᠯᠠᠯᠲᠠ ᠪᠣᠯᠵᠤ᠂ ᠠᠵᠠ ᠶᠢᠨ ᠰᠤᠭᠤᠯᠤᠭ᠎ᠠ ᠶᠠᠪᠤᠭᠳᠠᠬᠤ ᠪᠠᠷ ᠢᠶᠠᠨ ᠣᠨᠴᠠᠯᠢᠭ ᠲᠠᠢ ᠪᠠᠶᠢᠬᠤ ᠶᠤᠮ᠃
ᠡ᠊ ∙ ᠨᠠᠷᠠᠨᠭᠡᠷᠡᠯ