ᠳᠥᠷᠪᠡᠨ ᠵᠢᠯ ᠳᠦ ᠨᠢᠭᠡ ᠤᠳᠠᠭ᠎ᠠ ᠪᠣᠯᠳᠠᠭ ᠠᠽᠢᠶ᠎ᠠ ᠶᠢᠨ ᠰᠫᠣᠷᠲ ᠤᠨ ᠨᠠᠭᠠᠳᠤᠮ ᠤᠨ ᠡᠨᠡ ᠤᠳᠠᠭ᠎ᠠ ᠶᠢᠨ ᠲᠡᠮᠡᠴᠡᠭᠡᠨ ᠠᠮᠵᠢᠯᠲᠠᠲᠠᠢ ᠪᠣᠯᠵᠤ ᠥᠩᠭᠡᠷᠡᠯ᠎ᠡ᠃ ᠡᠨᠡᠬᠦ ᠲᠡᠮᠡᠴᠡᠭᠡᠨ ᠳᠦ 45 ᠤᠯᠤᠰ ᠣᠷᠣᠨ ᠪᠣᠯᠤᠨ ᠨᠤᠲᠤᠭ ᠳᠡᠪᠢᠰᠬᠡᠷ ᠦᠨ ᠪᠠᠭ ᠲᠠᠮᠢᠷᠴᠢᠳ ᠣᠷᠣᠯᠴᠠᠭᠰᠠᠨ ᠪᠥᠭᠡᠳ ᠲᠡᠳᠡᠭᠡᠷ ᠦᠨ ᠳᠤᠮᠳᠠ ᠠᠴᠠ 9 ᠤᠯᠤᠰ ᠤᠨ ᠪᠠᠭ ᠲᠠᠮᠢᠷᠴᠢᠳ ᠮᠧᠳᠠᠯ ᠦᠭᠡᠢ ᠨᠤᠲᠤᠭ ᠪᠤᠴᠠᠭᠰᠠᠨ ᠪᠠᠶᠢᠨ᠎ᠠ᠃ ᠪᠠᠩᠭᠠᠯᠳᠧᠱ᠂ ᠪᠦᠲ᠋ᠠᠨ᠂ ᠪᠷᠦᠨᠧᠢ- ᠳ᠋ᠠᠷᠤᠰᠰᠠᠯᠠᠮ᠂ ᠮᠠᠯᠳᠢᠪ᠂ ᠣᠮᠠᠨ᠂ ᠫᠠᠯᠸᠰᠲᠸᠨ᠂ ᠰᠷᠢᠯᠠᠨᠺᠠ᠂ ᠲᠢᠮᠣᠷ ᠂ ᠶᠸᠮᠸᠨ ᠵᠡᠷᠭᠡ ᠤᠯᠤᠰ ᠤᠨ ᠲᠠᠮᠢᠷᠴᠢᠳ ᠮᠧᠳᠠᠯ ᠬᠦᠷᠲᠡᠵᠦ ᠴᠢᠳᠠᠭ᠎ᠠ ᠦᠭᠡᠢ ᠠᠵᠢ᠃
ᠪᠠᠩᠭᠠᠯᠳᠧᠱ ᠤᠯᠤᠰ ᠠᠴᠠ ᠬᠦᠨᠳᠦ ᠶᠢᠨ ᠡᠷᠭᠦᠯᠲᠡ᠂ ᠬᠥᠩᠭᠡᠨ ᠠᠲᠯᠧᠲ᠋ᠢᠭ᠂ 3×3 ᠰᠠᠭᠰᠤᠨ ᠪᠥᠮᠪᠥᠭᠡ᠂ ᠭᠤᠯᠹ᠂ ᠪᠤᠤᠳᠠᠯᠭ᠎ᠠ᠂ ᠪᠠᠶᠢᠲᠤ ᠬᠠᠷᠪᠤᠭ᠎ᠠ᠂ ᠤᠰᠤᠨ ᠳᠤ ᠰᠡᠯᠢᠯᠲᠡ᠂ ᠬᠥᠯ ᠪᠥᠮᠪᠥᠭᠡ ᠵᠡᠷᠭᠡ ᠲᠥᠷᠥᠯ ᠳᠦ ᠣᠷᠣᠯᠴᠠᠬᠤ ᠪᠠᠷ 117 ᠲᠠᠮᠢᠷᠴᠢᠨ ᠡᠨᠡᠬᠦ ᠨᠠᠭᠠᠳᠤᠮ ᠢ ᠵᠣᠷᠢᠨ ᠢᠷᠡᠭᠰᠡᠨ ᠪᠣᠯ ᠪᠦᠲ᠋ᠠᠨ ᠠᠴᠠ 24᠂ ᠪᠷᠦᠨᠧᠢ- ᠳ᠋ᠠᠷᠤᠰᠰᠠᠯᠠᠮ ᠠᠴᠠ 15᠂ ᠣᠮᠠᠨ ᠠᠴᠠ 46᠂ ᠫᠠᠯᠸᠰᠲᠸᠨ ᠠᠴᠠ 46᠂ ᠰᠷᠢᠯᠠᠨᠺᠠ ᠤᠯᠤᠰ ᠠᠴᠠ 172᠂ ᠲᠢᠮᠣᠷ ᠡᠴᠡ 67 ᠪᠣᠯᠤᠨ ᠶᠸᠮᠸᠨ ᠤᠯᠤᠰ ᠠᠴᠠ 37 ᠲᠠᠮᠢᠷᠴᠢᠨ ᠡᠨᠡ ᠤᠳᠠᠭ᠎ᠠ ᠶᠢᠨ ᠠᠽᠢᠶ᠎ᠠ ᠶᠢᠨ ᠨᠠᠭᠠᠳᠤᠮ ᠳᠤ ᠣᠷᠣᠯᠴᠠᠭᠰᠠᠨ ᠪᠠᠶᠢᠨ᠎ᠠ᠃ ᠬᠠᠷᠢᠨ ᠮᠠᠨ ᠤ ᠤᠯᠤᠰ ᠤᠨ ᠪᠠᠭ ᠲᠠᠮᠢᠷᠴᠢᠳ 5 ᠠᠯᠲᠠ᠂ 9 ᠮᠥᠩᠭᠥ᠂ 11 ᠬᠦᠷᠡᠯ ᠪᠤᠶᠤ ᠨᠡᠶᠢᠲᠡ 25 ᠮᠧᠳᠠᠯ ᠬᠦᠷᠲᠡᠵᠦ᠂ ᠮᠧᠳᠠᠯ ᠤᠨ ᠴᠢᠨᠰᠠᠭ᠎ᠠ ᠪᠠᠷ 16 ᠳ᠋ᠤᠭᠠᠷ ᠪᠠᠶᠢᠷᠢ ᠳᠤ ᠰᠢᠯᠭᠠᠷᠠᠭᠰᠠᠨ ᠶᠤᠮ᠃
ᠡ᠊ ᠂ ᠬᠤᠯᠠᠨ