ᠵᠠᠰᠠᠭ ᠤᠨ ᠭᠠᠵᠠᠷ ᠤᠯᠤᠰ ᠤᠨ ᠬᠡᠮᠵᠢᠶᠡᠨ ᠳᠦ 22 ᠭᠠᠵᠠᠷ ᠢ ᠤᠯᠤᠰ ᠤᠨ ᠲᠤᠰᠬᠠᠢ ᠬᠠᠮᠠᠭᠠᠯᠠᠯᠲᠠ ᠳᠤ ᠠᠪᠬᠤ ᠰᠢᠢᠳᠪᠦᠷᠢ ᠭᠠᠷᠭᠠᠯ᠎ᠠ᠃ ᠢᠩᠭᠢᠭᠰᠡᠨ ᠢᠶᠡᠷ ᠰᠦᠢᠳᠴᠦ᠂ ᠡᠺᠣ ᠪᠠᠶᠢᠳᠠᠯ ᠨᠢ ᠠᠯᠳᠠᠭᠳᠠᠬᠤ ᠡᠷᠡᠰᠳᠡᠯ ᠲᠡᠢ ᠭᠠᠵᠠᠷ ᠤᠳ ᠢᠶᠠᠨ ᠬᠠᠮᠠᠭᠠᠯᠠᠬᠤ ᠪᠣᠯᠤᠮᠵᠢ ᠪᠦᠷᠢᠳᠦᠯ᠎ᠡ᠃ ᠬᠤᠷᠠᠯᠳᠤᠭᠠᠨ ᠳᠤ ᠪᠠᠶᠢᠭᠠᠯᠢ ᠤᠷᠴᠢᠨ ᠠᠶᠠᠯᠠᠯ ᠵᠢᠭᠤᠯᠴᠢᠯᠠᠯ ᠤᠨ ᠰᠠᠶᠢᠳ ᠨ ᠂ ᠼᠡᠷᠡᠩᠪᠠᠲᠤ ᠤᠭ ᠠᠰᠠᠭᠤᠳᠠᠯ ᠢ ᠣᠷᠣᠭᠤᠯᠵᠤ ᠬᠡᠯᠡᠯᠴᠡᠭᠰᠡᠨ ᠪᠠᠶᠢᠨ᠎ᠠ᠃
ᠥᠷᠭᠡᠳᠬᠡᠯ᠄ ᠭᠣᠪᠢ ᠶᠢᠨ ᠶᠡᠬᠡ B ᠬᠡᠰᠡᠭ ᠦᠨ ᠳᠠᠷᠬᠠᠨ ᠴᠠᠭᠠᠵᠠᠲᠤ ᠭᠠᠵᠠᠷ ᠤᠨ ᠥᠷᠭᠡᠳᠬᠡᠯ᠂ ᠨᠥᠮᠥᠷᠭᠡ ᠶᠢᠨ ᠳᠠᠷᠬᠠᠨ ᠴᠠᠭᠠᠵᠠᠲᠤ ᠭᠠᠵᠠᠷ ᠤᠨ ᠥᠷᠭᠡᠳᠬᠡᠯ᠂ ᠮᠣᠩᠭᠣᠯ ᠳᠠᠭᠤᠷ ᠤᠨ Bᠬᠡᠰᠡᠭ ᠦᠨ ᠳᠠᠷᠬᠠᠨ ᠴᠠᠭᠠᠵᠠᠲᠤ ᠭᠠᠵᠠᠷ ᠤᠨ ᠥᠷᠭᠡᠳᠬᠡᠯ᠂ ᠣᠳᠬᠣᠨᠲᠩᠷᠢ ᠶᠢᠨ ᠳᠠᠷᠬᠠᠨ ᠴᠠᠭᠠᠵᠠᠲᠤ ᠭᠠᠵᠠᠷ ᠤᠨ ᠥᠷᠭᠡᠳᠬᠡᠯ᠂ ᠳᠠᠷᠢᠭᠠᠩᠭ᠎ᠠ ᠶᠢᠨ ᠪᠠᠶᠢᠭᠠᠯᠢ ᠶᠢᠨ ᠴᠤᠭᠴᠠᠯᠠᠪᠤᠷᠢᠲᠤ ᠭᠠᠵᠠᠷ ᠤᠨ ᠥᠷᠭᠡᠳᠬᠡᠯ᠂ ᠪᠤᠯᠠᠭᠠᠨ ᠭᠣᠣᠯ᠂ ᠶᠡᠬᠡ ᠣᠩᠭᠣᠭ ᠤᠨ ᠪᠠᠶᠢᠭᠠᠯᠢ ᠶᠢᠨ ᠴᠤᠭᠴᠠᠯᠠᠪᠤᠷᠢᠲᠤ ᠭᠠᠵᠠᠷ ᠤᠨ ᠥᠷᠭᠡᠳᠬᠡᠯ᠂ ᠣᠩᠭᠣᠨ ᠲᠠᠪᠤᠨ ᠪᠤᠯᠠᠭ ᠤᠨ ᠪᠠᠶᠢᠭᠠᠯᠢ ᠶᠢᠨ ᠨᠥᠭᠡᠴᠡ ᠭᠠᠵᠠᠷ ᠤᠨ ᠥᠷᠭᠡᠳᠬᠡᠯ ︔
ᠪᠠᠶᠢᠭᠠᠯᠢ ᠶᠢᠨ ᠴᠤᠭᠴᠠᠯᠠᠪᠤᠷᠢᠲᠤ ᠭᠠᠵᠠᠷ ᠤᠨ ᠠᠩᠭᠢᠯᠠᠯ ᠢᠶᠠᠷ ᠄ ᠲᠡᠰ ᠦᠨ ᠭᠣᠣᠯ ᠂ ᠪᠤᠯᠠᠨᠠᠢ ᠶᠢᠨ ᠨᠢᠷᠤᠭᠤ ︔
ᠪᠠᠶᠢᠭᠠᠯᠢ ᠶᠢᠨ ᠨᠥᠭᠡᠴᠡ ᠭᠠᠵᠠᠷ ᠤᠨ ᠠᠩᠭᠢᠯᠠᠯ ᠢᠶᠠᠷ ᠄ ᠬᠥᠬᠡ ᠨᠠᠭᠤᠷ᠂ ᠲᠠᠰᠢᠭᠠᠢ ᠶᠢᠨ ᠲᠠᠪᠤᠨ ᠨᠠᠭᠤᠷ᠂ ᠵᠢᠷᠠᠨ ᠲᠣᠭᠣᠭᠠᠨ ᠤ ᠲᠠᠯ᠎ᠠ ᠂ ᠮᠡᠨᠡᠩ ᠦᠨ ᠴᠠᠭᠠᠨ ᠬᠣᠭᠣᠯᠠᠢ᠂ ᠬᠠᠯᠬ᠎ᠠ ᠶᠢᠨ ᠲᠠᠪᠤᠨ ᠠᠭᠤᠯᠠ᠂ ᠪᠠᠶᠠᠨᠳᠤᠨ ᠠᠭᠤᠯᠠ᠂ ᠭᠦᠨ ᠭᠠᠰᠢᠭᠤᠨ ᠤ ᠬᠣᠭᠣᠯᠠᠢ᠂ ᠰᠤᠲᠠᠢ ᠬᠠᠶᠢᠷᠬᠠᠨ ᠠᠭᠤᠯᠠ᠂ ᠵᠣᠲᠣᠯ ᠬᠠᠭᠠᠨ ᠠᠭᠤᠯᠠ ᠂ ᠳᠤᠯᠠᠭᠠᠨ ᠬᠠᠶᠢᠷᠬᠠᠨ ᠠᠭᠤᠯᠠ᠂ ᠤᠯᠵᠠ ᠭᠣᠣᠯ ᠤᠨ ᠡᠬᠢ ᠭᠠᠵᠠᠷ︔
ᠳᠤᠷᠠᠰᠬᠠᠯᠲᠤ ᠭᠠᠵᠠᠷ ᠤᠨ ᠠᠩᠭᠢᠯᠠᠯ ᠢᠶᠠᠷ ᠄ ᠳᠣᠷᠣᠨᠠᠭᠣᠪᠢ ᠠᠶᠢᠮᠠᠭ ᠤᠨ ᠴᠠᠭᠠᠨ ᠳᠡᠯ ᠦᠨ ᠠᠭᠤᠢ ᠶᠢ ᠤᠯᠤᠰ ᠤᠨ ᠲᠤᠰᠬᠠᠢ ᠬᠠᠮᠠᠭᠠᠯᠠᠯᠲᠠ ᠳᠤ ᠠᠪᠬᠤ ᠤᠯᠤᠰ ᠤᠨ ᠶᠡᠬᠡ ᠬᠤᠷᠠᠯ ᠤᠨ ᠲᠣᠭᠲᠠᠭᠠᠯ ᠤᠨ ᠲᠥᠰᠥᠯ ᠢ ᠳᠡᠮᠵᠢᠯ᠎ᠡ᠃
ᠳᠡᠭᠡᠷᠡᠬᠢ 22 ᠭᠠᠵᠠᠷ ᠨᠢ ᠶᠢᠰᠦᠨ ᠠᠶᠢᠮᠠᠭ ᠤᠨ 29 ᠰᠤᠮᠤ ᠶᠢᠨ ᠨᠤᠲᠤᠭ ᠳᠡᠪᠢᠰᠬᠡᠷ ᠢ ᠬᠠᠮᠤᠷᠴᠦ ᠪᠠᠶᠢᠭ᠎ᠠ ᠶᠤᠮ᠃ ᠡᠳᠡᠭᠡᠷ ᠭᠠᠵᠠᠷ ᠢ ᠤᠯᠤᠰ ᠤᠨ ᠲᠤᠰᠬᠠᠢ ᠬᠠᠮᠠᠭᠠᠯᠠᠯᠲᠠ ᠳᠤ ᠠᠪᠤᠭᠰᠠᠨ ᠢᠶᠠᠷ ᠲᠠᠯᠠᠪᠠᠢ ᠶᠢᠨ ᠬᠡᠮᠵᠢᠶ᠎ᠡ 3.2 ᠰᠠᠶ᠎ᠠ ᠭᠠ ᠪᠤᠶᠤ ᠨᠡᠶᠢᠲᠡ ᠨᠤᠲᠤᠭ ᠳᠡᠪᠢᠰᠬᠡᠷ ᠲᠦ ᠡᠵᠡᠯᠡᠬᠦ ᠬᠤᠪᠢ 2.1 ᠬᠤᠪᠢᠶᠠᠷᠢ ᠨᠡᠮᠡᠭᠳᠡᠬᠦ ᠠᠵᠠᠢ᠃
ᠮ ᠂ ᠠᠮᠤᠷᠵᠢᠷᠭᠠᠯ