ᠣᠷᠬᠣᠨ ᠠᠶᠢᠮᠠᠭ ᠤᠨ ᠭᠠᠵᠠᠷ ᠤᠨ ᠬᠠᠷᠢᠯᠴᠠᠭ᠎ᠠ᠂ ᠪᠠᠷᠢᠯᠭ᠎ᠠ ᠬᠣᠲᠠ ᠪᠠᠶᠢᠭᠤᠯᠤᠯᠲᠠ ᠶᠢᠨ ᠭᠠᠵᠠᠷ ᠥᠩᠭᠡᠷᠡᠭᠰᠡᠨ ᠣᠨ ᠳᠤ ᠳᠥᠷᠪᠡᠨ ᠢᠷᠭᠡᠨ ᠦ 0.21 ᠭᠠ᠂ 10 ᠠᠵᠤ ᠠᠬᠤᠢ ᠨᠢᠭᠡᠴᠢ ᠶᠢᠨ 2.95 ᠭᠠ ᠪᠤᠶᠤ ᠨᠡᠶᠢᠲᠡ 3.16 ᠭᠠ ᠭᠠᠵᠠᠷ᠂ ᠡᠨᠡ ᠣᠨ ᠳᠤ ᠬᠣᠶᠠᠷ ᠢᠷᠭᠡᠨ ᠦ 1.48 ᠭᠠ᠂ ᠵᠢᠷᠭᠤᠭᠠᠨ ᠠᠵᠤ ᠠᠬᠤᠢ ᠨᠢᠭᠡᠴᠢ ᠶᠢᠨ 13.74 ᠭᠠ ᠪᠤᠶᠤ 15.22 ᠭᠠ ᠭᠠᠵᠠᠷ ᠢ ᠬᠦᠴᠦᠨ ᠦᠭᠡᠢ ᠪᠣᠯᠭᠠᠵᠠᠢ᠃ ᠡᠭᠦᠨ ᠢ ᠠᠶᠢᠮᠠᠭ ᠤᠨ ᠵᠠᠰᠠᠭ ᠳᠠᠷᠤᠭ᠎ᠠ ᠶᠢᠨ ᠵᠠᠬᠢᠷᠤᠮᠵᠢ ᠶᠢ ᠦᠨᠳᠦᠰᠦᠯᠡᠨ ᠰᠢᠢᠳᠪᠦᠷᠢᠯᠡᠭᠰᠡᠨ ᠪᠠᠶᠢᠨ᠎ᠠ᠃
ᠳᠡᠭᠡᠷᠡᠬᠢ ᠢᠷᠭᠡᠨ᠂ ᠠᠵᠤ ᠠᠬᠤᠢ ᠶᠢᠨ ᠨᠢᠭᠡᠴᠢ ᠨᠢ ︽ᠭᠠᠵᠠᠷ ᠤᠨ ᠲᠤᠬᠠᠢ ᠬᠠᠤᠯᠢ︾ ᠳᠦ ᠵᠢᠭᠠᠭᠰᠠᠨ ᠢᠶᠠᠷ ᠬᠣᠶᠠᠷ ᠵᠢᠯ ᠦᠨ ᠬᠤᠭᠤᠴᠠᠭᠠᠨ ᠳᠤ ᠲᠤᠬᠠᠢ ᠶᠢᠨ ᠭᠠᠵᠠᠷ ᠲᠤ ᠪᠠᠨ ᠶᠠᠮᠠᠷ ᠨᠢᠭᠡ ᠦᠢᠯᠡ ᠠᠵᠢᠯᠯᠠᠭ᠎ᠠ ᠡᠷᠬᠢᠯᠡᠭᠡ ᠦᠭᠡᠢ ᠲᠤᠯᠠ ᠡᠶᠢᠨᠬᠦ ᠭᠠᠵᠠᠷ ᠡᠵᠡᠮᠰᠢᠬᠦ ᠵᠥᠪᠰᠢᠶᠡᠷᠡᠯ ᠢ ᠨᠢ ᠴᠤᠴᠠᠯᠠᠵᠠᠢ᠃ ᠮᠥᠨ ᠵᠢᠷᠭᠤᠳᠤᠭᠠᠷ ᠬᠣᠷᠢᠶᠠᠯᠠᠯ ᠤᠨ 14 ᠪᠠᠶᠢᠷᠢᠨ ᠤ ᠪᠠᠷᠠᠭᠤᠨ ᠲᠠᠯ᠎ᠠ ᠳᠤ ᠤᠬᠤᠭᠠᠳ ᠤᠳᠠᠵᠤ ᠪᠤᠢ ᠪᠠᠷᠢᠯᠭ᠎ᠠ ᠶᠢᠨ ᠰᠠᠭᠤᠷᠢ ᠶᠢ ᠲᠡᠭᠰᠢᠯᠡᠵᠦ᠂ ᠭᠠᠵᠠᠷ ᠡᠵᠡᠮᠰᠢᠬᠦ ᠭᠡᠷᠡᠴᠢᠯᠡᠭᠡ ᠶᠢ ᠨᠢ ᠬᠦᠴᠦᠨ ᠦᠭᠡᠢ ᠪᠣᠯᠭᠠᠬᠤ ᠮᠡᠳᠡᠭᠳᠡᠯ ᠢ ᠡᠵᠡᠮᠰᠢᠭᠴᠢ ᠪᠠᠶᠢᠭᠤᠯᠤᠯᠭ᠎ᠠ ᠳᠤ ᠨᠢ ᠬᠦᠷᠭᠡᠵᠡᠢ᠃ ᠤᠭ ᠨᠢ ᠡᠨᠡ ᠣᠨ ᠤ ᠳᠣᠯᠣᠳᠤᠭᠠᠷ ᠰᠠᠷ᠎ᠠ ᠳᠤ ᠠᠵᠢᠯ ᠢᠶᠠᠨ ᠡᠬᠢᠯᠡᠭᠦᠯ ᠭᠡᠰᠡᠨ ᠠᠯᠪᠠᠨ ᠪᠢᠴᠢᠭ ᠬᠦᠷᠭᠡᠭᠦᠯᠦᠭᠰᠡᠨ ᠴᠤ ᠲᠡᠭᠦᠨ ᠢ ᠨᠢ ᠬᠡᠷᠡᠭᠵᠢᠭᠦᠯᠦᠭᠡ ᠦᠭᠡᠢ ᠲᠤᠯᠠ ᠣᠷᠣᠰᠢᠨ ᠰᠠᠭᠤᠭᠴᠢᠳ ᠤᠨ ᠬᠢᠨᠢ ᠬᠦᠰᠡᠯᠲᠡ ᠶᠢᠨ ᠳᠠᠭᠠᠤ ᠳᠡᠭᠡᠷᠡᠬᠢ ᠰᠢᠢᠳᠪᠦᠷᠢ ᠶᠢ ᠭᠠᠷᠭᠠᠭᠰᠠᠨ ᠶᠤᠮ᠃ ᠲᠡᠭᠦᠨᠴᠢᠯᠡᠨ ᠲᠤᠰ ᠬᠣᠷᠢᠶᠠᠯᠠᠯ ᠤᠨ 13 ᠳ᠋ᠤᠭᠠᠷ ᠪᠠᠶᠢᠷᠢᠨ ᠤ ᠳᠡᠷᠭᠡᠳᠡᠬᠢ 100 ᠺᠦᠸᠠᠳ᠋ ᠮᠸᠲᠷ ᠲᠠᠯᠠᠪᠠᠢ᠂ ᠵᠢᠷᠭᠤᠳᠤᠭᠠᠷ ᠬᠣᠷᠢᠶᠠᠯᠠᠯ ᠤᠨ 9᠂10 ᠳ᠋ᠤᠭᠠᠷ ᠪᠠᠶᠢᠷᠢᠨ ᠤ ᠳᠤᠮᠳᠠᠬᠢ 60 ᠺᠦᠸᠠᠳ᠋ ᠮᠸᠲᠷ ᠲᠠᠯᠠᠪᠠᠢ ᠳᠤ ᠦᠢᠯᠡᠴᠢᠯᠡᠭᠡᠨ ᠦ ᠵᠣᠷᠢᠭᠤᠯᠤᠯᠲᠠ ᠲᠠᠢ ᠪᠠᠷ ᠣᠯᠭᠤᠭᠰᠠᠨ ᠭᠠᠵᠠᠷ ᠤᠨ ᠠᠰᠠᠭᠤᠳᠠᠯ ᠢᠶᠠᠷ ᠢᠷᠭᠡᠳ ᠭᠣᠮᠣᠳᠠᠯ ᠮᠡᠳᠡᠭᠦᠯᠦᠭᠰᠡᠨ ᠲᠤᠯᠠ ᠡᠭᠦᠨ ᠢ ᠰᠢᠯᠵᠢᠭᠦᠯᠬᠦ ᠲᠠᠯ᠎ᠠ ᠪᠠᠷ ᠲᠥᠯᠥᠪᠯᠡᠵᠦ ᠪᠠᠶᠢᠨ᠎ᠠ ᠭᠡᠵᠦ ᠬᠤᠯᠪᠤᠭᠳᠠᠬᠤ ᠪᠠᠶᠢᠭᠤᠯᠤᠯᠭ᠎ᠠ ᠨᠢ ᠮᠡᠳᠡᠭᠡᠯᠡᠯ᠎ᠡ᠃
ᠪ ∙ ᠣᠶᠤᠨ-ᠡᠷᠳᠡᠨᠢ