ᠮᠠᠵᠠᠭᠠᠯᠠᠢ ᠳᠤ ᠵᠣᠷᠢᠭᠤᠯᠵᠤ 3.6 ᠲᠣᠨ ᠨᠡᠮᠡᠯᠲᠡ ᠲᠡᠵᠢᠭᠡᠯ ᠪᠠᠢᠷᠢᠰᠢᠭᠤᠯᠵᠠᠢ | News.MN

ᠮᠠᠵᠠᠭᠠᠯᠠᠢ ᠳᠤ ᠵᠣᠷᠢᠭᠤᠯᠵᠤ 3.6 ᠲᠣᠨ ᠨᠡᠮᠡᠯᠲᠡ ᠲᠡᠵᠢᠭᠡᠯ ᠪᠠᠢᠷᠢᠰᠢᠭᠤᠯᠵᠠᠢ

ᠭᠣᠪᠢ ᠶᠢᠨ ᠶᠡᠬᠡ ᠳᠠᠷᠬᠠᠨ ᠴᠠᠭᠠᠵᠠᠲᠤ ᠭᠠᠵᠠᠷ ᠤᠨ《ᠠ》 ᠬᠡᠰᠡᠭ ᠦᠨ ᠬᠠᠮᠠᠭᠠᠯᠠᠯᠲᠠ ᠶᠢᠨ ᠵᠠᠬᠢᠷᠭᠠᠨ ᠤ ᠪᠠᠢᠭᠠᠯᠢ ᠬᠠᠮᠠᠭᠠᠯᠠᠭᠴᠢᠳ ᠮᠠᠵᠠᠭᠠᠯᠠᠢ ᠳᠤ ᠨᠡᠮᠡᠯᠲᠡ ᠲᠡᠵᠢᠭᠡᠯ ᠲᠠᠯᠪᠢᠬᠤ ᠨᠠᠮᠤᠷ ᠤᠨ ᠠᠵᠢᠯ ᠢ ᠠᠮᠵᠢᠯᠲᠠᠲᠠᠢ ᠵᠣᠬᠢᠶᠠᠨ ᠪᠠᠢᠭᠤᠯᠵᠠᠢ᠃ ᠲᠡᠳᠡ ᠲᠠᠪᠤ ᠬᠣᠨᠣᠭ ᠤᠨ ᠬᠤᠭᠤᠴᠠᠭᠠᠨ ᠳᠤ ᠨᠡᠢᠲᠡ 1250 ᠺᠢᠯᠣᠮᠧᠲ᠋ᠷ ᠵᠠᠮ ᠲᠤᠭᠤᠯᠵᠤ᠂ 38 ᠮᠠᠵᠠᠭᠠᠯᠠᠢ ᠳᠤ ᠵᠣᠷᠢᠭᠤᠯᠤᠨ ᠨᠡᠮᠡᠯᠲᠡ ᠲᠡᠵᠢᠭᠡᠯ ᠦᠨ ᠰᠠᠪᠠᠨ ᠳᠤ 3.6 ᠲᠣᠨ ᠲᠡᠵᠢᠭᠡᠯ ᠪᠠᠢᠷᠢᠰᠢᠭᠤᠯᠤᠭᠰᠠᠨ ᠪᠠᠢᠨ᠎ᠠ᠃

ᠮᠠᠵᠠᠭᠠᠯᠠᠢ ᠳᠤ ᠵᠣᠷᠢᠭᠤᠯᠤᠭᠰᠠᠨ ᠨᠡᠮᠡᠯᠲᠡ ᠲᠡᠵᠢᠭᠡᠯ ᠢ ᠪᠠᠭᠰᠤᠷᠮᠠᠯ ᠪᠣᠯᠤᠨ ᠰᠢᠬᠠᠮᠠᠯ ᠭᠡᠰᠡᠨ ᠬᠣᠶᠠᠷ ᠲᠥᠷᠥᠯ ᠢᠶᠡᠷ ᠪᠡᠯᠡᠳᠬᠡᠳᠡᠭ᠃ ᠲᠡᠵᠢᠭᠡᠯ ᠦᠨ ᠦᠨᠳᠦᠰᠦᠨ ᠤᠷᠤᠴᠠ ᠳᠤ ᠡᠷᠳᠡᠨᠢ ᠰᠢᠰᠢ᠂ ᠤᠪᠢᠶᠠᠰᠤ᠂ ᠰᠢᠷ᠎ᠠ ᠪᠤᠷᠴᠠᠭ᠂ ᠰᠢᠷ᠎ᠠ ᠲᠣᠰᠣ᠂ ᠶᠠᠰᠤ ᠵᠡᠷᠭᠡ ᠪᠦᠲᠦᠭᠡᠭᠳᠡᠬᠦᠨ ᠪᠠᠭᠲᠠᠳᠠᠭ᠃ ᠨᠡᠢᠲᠡ ᠨᠠᠢᠷᠠᠯᠭ᠎ᠠ ᠶᠢᠨ ᠬᠢᠨᠢ 20 ᠣᠷᠴᠢᠮ ᠬᠤᠪᠢ ᠶᠢ ᠤᠭᠤᠷᠠᠭ ᠡᠵᠡᠯᠡᠳᠡᠭ ᠭᠡᠨ᠎ᠡ᠃ ᠡᠨᠡ ᠬᠦ ᠲᠤᠰᠬᠠᠢ ᠵᠣᠷᠢᠭᠤᠯᠤᠯᠲᠠ ᠶᠢᠨ ᠲᠡᠵᠢᠭᠡᠯ ᠢ ᠥᠩᠭᠡᠷᠡᠭᠰᠡᠨ ᠣᠨ ᠠᠴᠠ ᠦᠢᠯᠡᠳᠪᠦᠷᠢᠯᠡᠵᠦ ᠡᠬᠢᠯᠡᠵᠡᠢ᠃

ᠰᠡᠳᠬᠢᠭᠳᠡᠯ ᠦᠯᠡᠳᠡᠭᠡᠬᠦ