ᠡ᠊ ∙ ᠳ᠋ᠠᠷᠢᠮ᠎ᠠ International draughts  ᠤᠨ ᠵᠠᠯᠠᠭᠤᠴᠤᠳ ᠤᠨ ᠳᠡᠯᠡᠬᠡᠢ ᠶᠢᠨ ᠠᠪᠤᠷᠭᠤ ᠪᠣᠯᠤᠯ᠎ᠠ | News.MN

ᠡ᠊ ∙ ᠳ᠋ᠠᠷᠢᠮ᠎ᠠ International draughts  ᠤᠨ ᠵᠠᠯᠠᠭᠤᠴᠤᠳ ᠤᠨ ᠳᠡᠯᠡᠬᠡᠢ ᠶᠢᠨ ᠠᠪᠤᠷᠭᠤ ᠪᠣᠯᠤᠯ᠎ᠠ

ᠬᠢᠲᠠᠳ ᠦᠨ ᠰᠢᠩ ᠲᠠᠢ ᠬᠣᠲᠠ ᠳᠤ ᠪᠣᠯᠵᠤ ᠪᠤᠢ International draughts ᠤᠨ ᠥᠰᠪᠦᠷᠢ᠂ ᠵᠠᠯᠠᠭᠤᠴᠤᠳ ᠤᠨ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠳᠦ ᠨᠠᠰᠤ ᠥᠭᠰᠥᠵᠦ᠂ ᠵᠠᠯᠠᠭᠤᠴᠤᠳ ᠤᠨ ᠠᠩᠭᠢᠯᠠᠯ ᠳᠤ ᠥᠷᠢᠰᠦᠯᠳᠦᠭᠰᠡᠨ ᠳᠡᠯᠡᠬᠡᠢ ᠶᠢᠨ International draughts ᠤᠨ ᠬᠣᠯᠪᠣᠭᠠᠨ ᠤ ᠮᠠᠰᠲ᠋ᠸᠷ ᠡᠷᠳᠡᠨᠢᠰᠠᠢᠬᠠᠨ ᠤ ᠳ᠋ᠠᠷᠢᠮ᠎ᠠ︵16 ᠨᠠᠰᠤᠲᠠᠢ︶ 6 ᠬᠣᠵᠢᠵᠤ᠂ 2 ᠲᠡᠩᠴᠡᠵᠦ᠂ ᠨᠡᠢᠲᠡ 14 ᠣᠨᠣᠭ᠎ᠠ ᠠᠪᠤᠭᠰᠠᠨ ᠠᠮᠵᠢᠯᠲᠠ ᠪᠠᠷ ᠦᠨᠳᠦᠰᠦᠨ ᠲᠥᠷᠥᠯ ᠦᠨ ᠲᠡᠮᠡᠴᠡᠭᠡᠨ ᠥᠨᠳᠥᠷᠯᠡᠬᠦ ᠡᠴᠡ ᠨᠢᠭᠡ ᠲᠠᠯᠪᠢᠯ ᠤᠨ ᠡᠮᠦᠨ᠎ᠡ ᠠᠪᠤᠷᠭᠤᠯᠠᠬᠤ ᠪᠣᠯᠵᠣᠯ ᠢᠶᠠᠨ ᠬᠠᠩᠭᠠᠯ᠎ᠠ᠃ ᠡᠢᠨᠬᠦᠦ  ᠥᠰᠪᠦᠷᠢ ᠶᠢᠨ ᠪᠣᠯᠤᠨ ᠵᠠᠯᠠᠭᠤᠴᠤᠳ ᠤᠨ ᠠᠩᠭᠢᠯᠠᠯ ᠳᠤ ᠳᠡᠯᠡᠬᠡᠢ ᠶᠢᠨ ᠠᠪᠤᠷᠭᠤ ᠴᠣᠯᠠ ᠶᠢ ᠬᠣᠶᠠᠭᠤᠯᠠᠨ ᠢ ᠨᠢ ᠬᠦᠷᠲᠡᠭ᠍ᠰᠡᠨ ᠠᠩᠬᠠᠨ ᠤ ᠲᠠᠮᠢᠷᠴᠢᠨ ᠪᠣᠯᠪᠠ᠃

ᠮᠥᠨ ᠬᠠᠮᠤᠭ ᠤᠨ ᠪᠠᠭ᠎ᠠ ᠨᠠᠰᠤ ᠪᠤᠶᠤ 8 ᠬᠦᠷᠲᠡᠯᠡᠬᠢ ᠨᠠᠰᠤᠨ ᠤ ᠥᠬᠢᠳ ᠤᠨ ᠲᠡᠮᠡᠴᠡᠭᠡᠨ ᠳᠦ ᠲᠠᠮᠢᠷᠴᠢᠨ ᠣᠶᠤᠨᠪᠣᠯᠣᠳ ᠤᠨ ᠭᠡᠭᠡ ᠬᠦᠷᠡᠯ ᠮᠧᠳᠠᠯ ᠤᠨ ᠪᠣᠯᠵᠣᠯ ᠬᠠᠩᠭᠠᠯ᠎ᠠ᠃ ᠲᠡᠭᠦᠨ ᠦ ᠬᠤᠪᠢ ᠳᠤ ᠥᠩᠭᠡᠷᠡᠭᠰᠡᠨ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠦ ᠪᠯᠢᠼ ᠲᠥᠷᠥᠯ ᠡᠴᠡ ᠬᠦᠷᠡᠯ ᠮᠧᠳᠠᠯ ᠬᠦᠷᠲᠡᠵᠦ ᠪᠠᠢᠪᠠ᠃

ᠰᠡᠳᠬᠢᠭᠳᠡᠯ ᠦᠯᠡᠳᠡᠭᠡᠬᠦ