ᠰᠢᠨᠵᠢᠯᠡᠬᠦ ᠤᠬᠠᠭᠠᠨ ᠤ ᠠᠺᠠᠳᠧᠮᠢ ᠳᠦ 《ᠵᠢᠩᠭᠠᠷ》 ᠲᠤᠤᠯᠢ ᠬᠠᠢᠯᠠᠨ᠎ᠠ | News.MN

ᠰᠢᠨᠵᠢᠯᠡᠬᠦ ᠤᠬᠠᠭᠠᠨ ᠤ ᠠᠺᠠᠳᠧᠮᠢ ᠳᠦ 《ᠵᠢᠩᠭᠠᠷ》 ᠲᠤᠤᠯᠢ ᠬᠠᠢᠯᠠᠨ᠎ᠠ

ᠮᠣᠩᠭᠣᠯ ᠲᠤᠤᠯᠢᠰ ᠤᠨ ᠣᠷᠭᠢᠯ ᠪᠦᠲᠦᠭᠡᠯ᠂ UNESCO ᠦᠨ ᠶᠠᠭᠠᠷᠠᠯᠲᠠᠢ ᠬᠠᠮᠠᠭᠠᠯᠠᠬᠤ ᠱᠠᠭᠠᠷᠳᠠᠯᠭ᠎ᠠ ᠲᠠᠢ ᠰᠤᠶᠤᠯ ᠤᠨ ᠪᠡᠶᠡᠲᠦ ᠪᠤᠰᠤ ᠥᠪ ᠦᠨ ᠵᠢᠭᠰᠠᠭᠠᠯᠲᠠ ᠳᠤ ᠪᠦᠷᠢᠳᠬᠡᠭᠳᠡᠭᠰᠡᠨ 《ᠵᠢᠩᠭᠠᠷ》 ᠬᠥᠯᠭᠡᠨ ᠲᠤᠤᠯᠢ ᠶᠢ ᠬᠣᠪᠳᠣ ᠠᠢᠮᠠᠭ ᠤᠨ ᠥᠪᠯᠡᠨ ᠤᠯᠠᠮᠵᠢᠯᠠᠭᠴᠢᠳ 2026 ᠣᠨ ᠤ ᠠᠷᠪᠠᠨ ᠨᠢᠭᠡᠳᠦᠭᠡᠷ ᠰᠠᠷ᠎ᠠ ᠶᠢᠨ 5 ᠤ ᠡᠳᠦᠷ 11᠄00 ᠴᠠᠭ ᠠᠴᠠ ᠰᠢᠨᠵᠢᠯᠡᠬᠦ ᠤᠬᠠᠭᠠᠨ ᠤ ᠠᠺᠠᠳᠧᠮᠢ ᠶᠢᠨ ᠬᠡᠯᠡ ᠵᠣᠬᠢᠶᠠᠯ ᠤᠨ ᠬᠦᠷᠢᠶᠡᠯᠡᠩ ᠳᠦ ᠬᠠᠢᠯᠠᠵᠤ ᠲᠣᠯᠢᠯᠠᠭᠤᠯᠬᠤ ᠭᠡᠵᠦ ᠪᠠᠢᠨ᠎ᠠ᠃

《ᠵᠢᠩᠭᠠᠷ》 ᠲᠤᠤᠯᠢ ᠶᠢ ᠬᠣᠪᠳᠣ ᠠᠢᠮᠠᠭ ᠤᠨ ᠥᠪᠯᠡᠨ ᠤᠯᠠᠮᠵᠢᠯᠠᠭᠴᠢᠳ ᠮ ∙ ᠫᠦᠷᠪᠦᠵᠠᠯ ᠤᠨ ᠬᠠᠢᠯᠠᠭᠰᠠᠨ ᠠᠶ᠎ᠠ ᠳᠠᠩ ᠢᠶᠠᠷ ᠨᠤᠲᠤᠭ ᠤᠨ  ᠬᠦᠷᠦᠰᠦᠨ ᠳᠦ ᠰᠡᠷᠭᠦᠭᠡᠨ ᠨᠤᠲᠤᠭᠰᠢᠭᠤᠯᠵᠤ ᠴᠢᠳᠠᠭᠰᠠᠨ ᠢᠶᠠᠨ ᠣᠯᠠᠨ ᠨᠡᠢᠲᠡ ᠪᠣᠯᠤᠨ ᠮᠡᠷᠭᠡᠵᠢᠯ ᠦᠨ ᠰᠤᠳᠤᠯᠤᠭᠠᠴᠢᠳ ᠲᠤ ᠲᠠᠨᠢᠯᠴᠠᠭᠤᠯᠬᠤ ᠪᠠᠷ ᠨᠡᠢᠰᠯᠡᠯ ᠬᠣᠲᠠ ᠶᠢ ᠡᠢᠨᠬᠦᠦ ᠵᠣᠷᠢᠨ ᠢᠷᠡᠵᠡᠢ᠃ ᠥᠪᠯᠡᠨ ᠤᠯᠠᠮᠵᠢᠯᠠᠭᠴᠢ ᠰᠦᠬᠡᠰᠦ᠋ᠷᠦᠩ ᠦᠨ ᠳᠠᠩᠰᠡᠷᠡᠩ᠂ ᠠᠯᠲᠠᠨ-ᠣᠳᠣ ᠶᠢᠨ ᠲᠦᠪᠰᠢᠨᠵᠢᠷᠭᠠᠯ᠂ ᠪᠠᠪᠤᠳᠣᠷᠵᠢ ᠶᠢᠨ ᡀᠠᠪᠠᠳᠣᠷᠵᠢ᠂ ᠡ᠊ ∙ ᠲᠡᠮᠦᠷ ᠨᠠᠷ ᠢᠷᠡᠵᠦ᠂ ᠲᠥᠷᠥ ᠶᠢᠨ ᠲᠤᠤᠯᠢᠴᠢ᠂ ᠰᠤᠷᠭᠠᠭᠴᠢ ᠪᠠᠭᠰᠢ ᠠᠪᠢᠷᠮᠢᠳ ᠦᠨ ᠪᠠᠯᠳᠠᠨᠳᠣᠷᠵᠢ ᠬᠠᠢᠯᠠᠬᠤ ᠶᠤᠮ᠃

ᠰᠡᠳᠬᠢᠭᠳᠡᠯ ᠦᠯᠡᠳᠡᠭᠡᠬᠦ