ᠭᠡᠷ ᠪᠦᠯᠢ᠂ ᠬᠡᠦᠬᠡᠳ ᠦᠨ ᠬᠡᠷᠡᠭ ᠦᠨ ᠰᠢᠭᠦᠬᠦ ᠶᠢᠨ ᠦᠢᠯᠡ ᠠᠵᠢᠯᠯᠠᠭ᠎ᠠ ᠡᠬᠢᠯᠡᠯ᠎ᠡ | News.MN

ᠭᠡᠷ ᠪᠦᠯᠢ᠂ ᠬᠡᠦᠬᠡᠳ ᠦᠨ ᠬᠡᠷᠡᠭ ᠦᠨ ᠰᠢᠭᠦᠬᠦ ᠶᠢᠨ ᠦᠢᠯᠡ ᠠᠵᠢᠯᠯᠠᠭ᠎ᠠ ᠡᠬᠢᠯᠡᠯ᠎ᠡ

ᠮᠣᠩᠭᠣᠯ ᠤᠯᠤᠰ ᠲᠤ ᠰᠢᠨ᠎ᠡ ᠪᠡᠷ ᠪᠠᠢᠭᠤᠯᠤᠭᠳᠠᠭᠰᠠᠨ ᠭᠡᠷ ᠪᠦᠯᠢ᠂ ᠬᠡᠦᠬᠡᠳ ᠦᠨ ᠬᠡᠷᠡᠭ ᠦᠨ ᠰᠢᠭᠦᠬᠦ 2026 ᠣᠨ ᠤ ᠠᠷᠪᠠᠨ ᠨᠢᠭᠡᠳᠦᠭᠡᠷ ᠰᠠᠷ᠎ᠠ ᠶᠢᠨ ᠬᠣᠶᠠᠷ ᠤᠨ ᠡᠳᠦᠷ ᠡᠴᠡ ᠦᠢᠯᠡ ᠠᠵᠢᠯᠯᠠᠭ᠎ᠠ ᠪᠠᠨ ᠠᠯᠪᠠᠨ ᠶᠣᠰᠣᠭᠠᠷ ᠡᠬᠢᠯᠡᠭᠦᠯᠵᠦ᠂ ᠭᠡᠷ ᠪᠦᠯᠢ᠂ ᠬᠡᠦᠬᠡᠳ ᠦᠨ ᠬᠡᠷᠡᠭ᠂ ᠮᠠᠷᠭᠤᠭᠠᠨ ᠤ ᠨᠡᠬᠡᠮᠵᠢᠯᠡᠯ ᠢ ᠬᠦᠯᠢᠶᠡᠨ ᠠᠪᠴᠤ ᠪᠠᠢᠨ᠎ᠠ᠃

ᠭᠡᠷ ᠪᠦᠯᠢ᠂ ᠬᠡᠦᠬᠡᠳ ᠦᠨ ᠬᠡᠷᠡᠭ ᠦᠨ  ᠲᠤᠰᠬᠠᠢ ᠰᠢᠭᠦᠬᠦ ᠪᠠᠢᠭᠤᠯᠤᠭᠳᠠᠭᠰᠠᠨ ᠨᠢ ᠭᠡᠷ ᠪᠦᠯᠢ᠂ ᠬᠡᠦᠬᠡᠳ᠂ ᠨᠠᠰᠤᠨ ᠳᠤ ᠬᠥᠷᠥᠭᠡᠳᠦᠢ ᠬᠦᠮᠦᠨ ᠦ ᠬᠡᠷᠡᠭ᠂ ᠮᠠᠷᠭᠤᠭᠠᠨ ᠢ ᠮᠡᠷᠭᠡᠰᠢᠭᠰᠡᠨ ᠰᠢᠭᠦᠬᠦ ᠪᠡᠷ ᠬᠢᠨᠠᠨ ᠰᠢᠢᠳᠪᠦᠷᠢᠯᠡᠬᠦ ᠲᠣᠭᠲᠠᠯᠴᠠᠭ᠎ᠠ ᠶᠢ ᠪᠦᠷᠢᠳᠦᠭᠦᠯᠵᠦ ᠪᠤᠢ ᠰᠢᠭᠦᠬᠦ ᠡᠷᠬᠡ ᠮᠡᠳᠡᠯ ᠦᠨ ᠰᠠᠯᠪᠤᠷᠢ ᠶᠢᠨ ᠴᠢᠬᠤᠯᠠ ᠰᠢᠨᠡᠴᠢᠯᠡᠯ ᠶᠤᠮ᠃

ᠡᠨᠡ ᠬᠦ ᠰᠢᠨᠡᠴᠢᠯᠡᠯ ᠦᠨ ᠦᠨᠳᠦᠰᠦᠨ ᠵᠣᠷᠢᠯᠭ᠎ᠠ ᠨᠢ ᠬᠡᠦᠬᠡᠳ ᠦᠨ ᠡᠷᠬᠡ᠂ ᠳᠡᠭᠡᠳᠦ ᠠᠰᠢᠭ ᠰᠣᠨᠢᠷᠬᠠᠯ ᠢ ᠨᠡᠩ ᠲᠡᠷᠢᠭᠦᠨ ᠳᠦ ᠬᠠᠮᠠᠭᠠᠯᠠᠬᠤ᠂ ᠭᠡᠷ ᠪᠦᠯᠢ ᠶᠢᠨ ᠬᠠᠷᠢᠯᠴᠠᠭᠠᠨ ᠠᠴᠠ ᠡᠭᠦᠳᠦᠯᠲᠡᠢ ᠮᠠᠷᠭᠤᠭᠠᠨ ᠢ ᠮᠡᠷᠭᠡᠰᠢᠭᠰᠡᠨ ᠲᠦᠪᠰᠢᠨ ᠳᠦ᠂ ᠬᠦᠮᠦᠨ ᠲᠥᠪ ᠲᠡᠢ ᠬᠠᠨᠳᠤᠯᠭ᠎ᠠ ᠪᠠᠷ ᠰᠢᠢᠳᠪᠦᠷᠢᠯᠡᠬᠦ ᠳᠦ ᠣᠷᠣᠰᠢᠨ᠎ᠠ᠃

ᠰᠡᠳᠬᠢᠭᠳᠡᠯ ᠦᠯᠡᠳᠡᠭᠡᠬᠦ